Title |
ᠮᠣᠩᠭᠤᠯ ᠤᠷᠠᠨ ᠵᠤᠬᠢᠶᠠᠯ ᠤᠨ ᠲᠡᠦᠬᠡ ᠪᠢᠴᠢᠯᠭᠡ ᠶᠢᠨ ᠲᠤᠬᠠᠢ ᠪᠤᠳᠤᠯᠭᠠᠰᠢᠷᠠᠯ |
Creator |
ᠴᠤᠢᠷᠠᠯᠵᠠᠪ |
Keyword |
ᠮᠣᠩᠭᠤᠯ ᠤᠷᠠᠨ ᠵᠤᠬᠢᠶᠠᠯ; ᠲᠡᠦᠬᠡ ᠪᠢᠴᠢᠯᠭᠡ; ᠪᠤᠳᠤᠯᠭᠠᠰᠢᠷᠠᠯ |
Abstract |
ᠦᠭᠦᠯᠡᠯ ᠳᠦ 《ᠮᠣᠩᠭᠤᠯ ᠤᠷᠠᠨ ᠵᠤᠬᠢᠶᠠᠯ ᠤᠨ ᠲᠡᠦᠬᠡ》 ᠶᠢᠨ ᠬᠢᠴᠢᠶᠡᠯ ᠦᠨ ᠪᠢᠴᠢᠭ ᠢ ᠬᠡᠷᠬᠢᠨ ᠪᠢᠴᠢᠬᠦ ᠲᠤᠬᠠᠢ ᠰᠠᠨᠠᠯ ᠢ ᠳᠤᠷᠠᠳᠵᠠᠢ᠃ 《ᠮᠣᠩᠭᠤᠯ ᠤᠷᠠᠨ ᠵᠤᠬᠢᠶᠠᠯ ᠤᠨ ᠲᠡᠦᠬᠡ》 ᠪᠤᠯ ᠶᠡᠬᠡ ᠳᠡᠭᠡᠳᠦ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠪᠤᠯᠤᠨ ᠲᠤᠰᠬᠠᠢ ᠮᠡᠷᠭᠡᠵᠢᠯ ᠦᠨ ᠭᠤᠤᠯᠯᠠᠬᠤ ᠬᠢᠴᠢᠶᠡᠯ ᠦᠨ ᠨᠢᠭᠡ ᠪᠤᠯᠤᠨ᠎ᠠ᠃ ᠭᠡᠲᠡᠯ᠎ᠡ ᠣᠳᠣ ᠪᠤᠯᠲᠠᠯ᠎ᠠ ᠲᠤᠰ ᠬᠢᠴᠢᠶᠡᠯ ᠦᠨ ᠰᠢᠨᠵᠢ ᠴᠢᠨᠠᠷ᠂ ᠱᠠᠭᠠᠷᠳᠠᠯᠭ᠎ᠠ ᠳᠤ ᠲᠤᠬᠢᠷᠠᠭᠰᠠᠨ ᠬᠢᠴᠢᠶᠡᠯ ᠦᠨ ᠪᠢᠴᠢᠭ ᠬᠤᠪᠤᠷ ᠪᠠᠢᠨ᠎ᠠ᠃ ᠡᠭᠦᠨ ᠳᠦ ᠲᠤᠰ ᠦᠭᠦᠯᠡᠯ ᠦᠨ ᠵᠤᠬᠢᠶᠠᠭᠴᠢ ᠦᠪᠡᠷ ᠦᠨ ᠲᠤᠰ ᠬᠢᠴᠢᠶᠡᠯ ᠢ ᠵᠢᠭᠠᠭᠰᠠᠨ ᠦᠢᠯᠡᠳᠦᠯᠭᠡ ᠪᠤᠯᠤᠨ ᠣᠢᠯᠠᠭᠠᠯᠲᠠ ᠪᠠᠨ ᠦᠨᠳᠦᠰᠦᠯᠡᠵᠦ᠂ ᠡᠨᠡ ᠬᠦ 《ᠮᠣᠩᠭᠤᠯ ᠤᠷᠠᠨ ᠵᠤᠬᠢᠶᠠᠯ ᠤᠨ ᠲᠡᠦᠬᠡ》 (ᠡᠷᠲᠡᠨ ᠦ ᠤᠷᠠᠨ ᠵᠤᠬᠢᠶᠠᠯ ᠳᠤ ᠵᠤᠷᠢᠭᠤᠯᠪᠠ) ᠲᠦᠰᠦᠪ ᠢ ᠲᠤᠭᠤᠷᠪᠢᠪᠠ᠃ ᠡᠭᠦᠨ ᠢᠶᠡᠷ ᠳᠠᠮᠵᠢᠵᠤ ᠶᠡᠬᠡ ᠳᠡᠭᠡᠳᠦ ᠰᠤᠷᠭᠠᠭᠤᠯᠢ ᠶᠢᠨ ᠤᠷᠠᠨ ᠵᠤᠬᠢᠶᠠᠯ ᠤᠨ ᠲᠡᠦᠬᠡᠴᠢᠳ ᠪᠤᠯᠤᠨ ᠡᠷᠳᠡᠮᠲᠡᠨ ᠮᠡᠷᠭᠡᠳ ᠦᠨ ᠰᠠᠨᠠᠯ ᠵᠦᠪᠯᠡᠯᠭᠡ ᠶᠢ ᠠᠪᠴᠤ᠂ ᠴᠠᠭ ᠦᠶ᠎ᠡ ᠶᠢᠨ ᠱᠠᠭᠠᠷᠳᠠᠯᠭ᠎ᠠ ᠳᠤ ᠲᠤᠬᠢᠷᠠᠭᠰᠠᠨ 《ᠮᠣᠩᠭᠤᠯ ᠤᠷᠠᠨ ᠵᠤᠬᠢᠶᠠᠯ ᠤᠨ ᠲᠡᠦᠬᠡ》 ᠶᠢᠨ ᠬᠢᠴᠢᠶᠡᠯ ᠦᠨ ᠪᠢᠴᠢᠭ ᠢ ᠨᠠᠢᠷᠠᠭᠤᠯᠵᠤ ᠭᠠᠷᠭᠠᠬᠤ ᠶᠢ ᠬᠦᠰᠡᠪᠡ᠃ |
Original Literature |
No Original Paper
|
出自 |
内蒙古民族大学学报(社会科学)
2003年
第4期
|