Abstract |
ᠤᠢᠷ ᠠ ᠶᠢᠨ ᠵᠢᠯ ᠳ᠋ᠤ ᠮᠢᠨᠦ ᠪᠡᠶ ᠠ ᠮᠣᠩᠭᠤᠯ ᠰᠢᠯᠦᠭ ᠤᠨ ᠠᠢᠵᠠᠮ ᠬᠢᠴᠡ ᠪᠤᠶᠤ ᠰᠢᠯᠦᠭᠯᠡᠬᠦ ᠠᠷᠭ᠎ᠠ ᠮᠠᠶᠢᠭ ᠢ ᠬᠤᠪᠢᠷᠠᠯ ᠭᠦᠭᠵᠢᠯ ᠤᠨ ᠬᠢᠨᠢ ᠲᠠᠭᠤᠤ ᠠᠵᠢᠭᠯᠠᠵᠤ ᠦᠵᠡᠬᠦ ᠪᠣᠳᠤᠯ ᠤᠷᠤᠭᠰᠠᠨ ᠡᠴᠡ ᠶᠠᠭᠤᠨ ᠤ ᠤᠷᠢᠳ ᠭᠤᠤᠯ ᠠᠩᠬᠠᠷᠤᠯ ᠢᠢᠡᠨ ᠪᠢᠴᠢᠭ ᠤᠨ ᠰᠢᠯᠦᠭ ᠲᠤ ᠲᠠᠯᠪᠢᠵᠦ 《ᠮᠣᠩᠭᠤᠯ ᠡᠷᠲᠡᠨ ᠪᠠ ᠤᠢᠷ ᠠ ᠦᠶ ᠡ ᠶᠢᠨ ᠪᠢᠴᠢᠭ ᠤᠨ ᠰᠠᠢᠯᠦᠭ ᠤᠨ ᠠᠢᠵᠠᠮ ᠬᠢᠴᠡ ᠶᠢᠨ ᠲᠢᠭ ᠮᠠᠶᠢᠭ》9《ᠮᠣᠩᠭᠤᠯ ᠬᠡᠯ ᠡᠤᠳᠬ ᠠ ᠵᠣᠬᠢᠶᠠᠯ》᠂1892 ᠣᠨ ᠤ 2 ᠳ᠋ᠤᠭᠠᠷ ᠬᠤᠭᠤᠴᠠᠭ᠎ᠠ) ᠭᠡᠬᠦ ᠨᠢᠭᠡᠨ ᠦᠭᠦᠯᠡᠯ ᠢ ᠪᠢᠴᠢᠵᠦ ᠨᠡᠢᠳᠡᠯᠡᠬᠦᠯᠡᠵᠢ᠃ ᠲᠤᠰ ᠦᠭᠦᠯᠡᠯ ᠳ᠋ᠤ ᠮᠣᠩᠭᠤᠯ ᠡᠷᠲᠡᠨ ᠪᠠ ᠤᠢᠷ ᠠ ᠦᠶ ᠡ ᠶᠢᠨ ᠪᠢᠴᠢᠭ ᠤᠨ ᠰᠢᠯᠦᠭ ᠤᠨ ᠠᠢᠵᠠᠮ ᠬᠢᠴᠡ ᠵᠢ ᠬᠤᠪᠢᠷᠠᠯ ᠬᠦᠭᠵᠢᠯ ᠤᠨ ᠬᠢᠨᠢ ᠲᠠᠠᠭᠤ ᠠᠵᠢᠭᠯᠠᠬᠤ ᠳ᠋ᠠᠭᠠᠨ᠄ ᠨᠢᠭᠡ ᠳ᠋ᠦ᠂ ᠤᠳᠤᠮ ᠲᠢᠭ; ᠬᠤᠶᠠᠷ ᠲᠤ᠂ ᠡᠨᠡᠳᠭᠡᠭ ᠲᠦᠪᠡᠳ ᠰᠢᠯᠦᠭ ᠤᠨ ᠨᠦᠯᠦᠭᠡ ᠲᠤᠤᠷᠠᠬᠢ ᠮᠣᠩᠭᠤᠯ ᠬᠡᠮᠵᠢᠶᠡᠳᠦ ᠰᠢᠯᠦᠭ ᠤᠨ ᠲᠢᠭ; ᠭᠤᠷᠪᠠ ᠳ᠋ᠤ᠂ ᠬᠢᠲᠠᠳ ᠬᠡᠮᠵᠢᠶᠠᠲᠦ ᠰᠢᠯᠦᠭ ᠤᠨ ᠨᠦᠯᠦᠭᠡ ᠲᠤᠤᠷᠠᠬᠢ ᠮᠣᠩᠭᠤᠯ ᠰᠢᠯᠦᠭ ᠤᠨ ᠲᠢᠭ; ᠲᠦᠷᠪᠡ ᠳ᠋ᠤ᠂ ᠠᠷᠠᠳ ᠤᠨ ᠠᠮᠠᠨ ᠢᠷᠠᠭᠤ ᠨᠠᠢᠷᠠᠭ ᠤᠨ ᠲᠠᠭᠤᠤ ᠬᠤᠯᠪᠤᠭ᠎ᠠ ᠶᠢᠨ ᠣᠨᠴᠠᠯᠢᠭᠲᠤ ᠲᠢᠭ ᠲᠦ ᠭᠡᠬᠦ ᠲᠦᠷᠪᠡᠨ ᠵᠦᠢᠯ ᠳ᠋ᠤ ᠬᠤᠪᠢᠶᠠᠷᠢᠯᠠᠭᠰᠠᠨ ᠪᠠᠢᠪᠠ᠃ |