Paper Information


Title ᠨᠤᠲᠤᠭ ᠤᠰᠤᠨ ᠤ ᠲᠤᠭᠤᠵᠢᠰ ᠲᠤ ᠳᠦᠷᠰᠦᠯᠡᠭᠳᠡᠭᠰᠡᠨ ᠶᠤᠰᠤ ᠵᠠᠩᠰᠢᠯ ᠤᠨ ᠳᠠᠯᠳᠠ ᠲᠧᠺᠰᠲ ᠬᠢᠭᠡᠳ ᠲᠡᠭᠦᠨ ᠢ ᠵᠢᠷᠤᠭᠯᠠᠬᠤ ᠠᠴᠢ ᠬᠤᠯᠪᠤᠭᠳᠠᠯ —— ᠬᠦᠬᠡᠨᠠᠭᠤᠷ ᠤᠨ ᠨᠤᠲᠤᠭ ᠤᠰᠤᠨ ᠤ ᠲᠤᠭᠤᠵᠢᠰ ᠪᠦᠲᠦᠭᠡᠯᠭᠡ ᠶᠢᠨ ᠵᠢᠱᠢᠶᠡᠨ ᠳᠡᠭᠡᠷ᠎ᠡ
Creator ᠬᠠ‍᠂ ᠤᠯᠠᠭᠠᠨᠪᠠᠭᠠᠲᠤᠷ
Keyword ᠨᠤᠲᠤᠭ ᠤᠰᠤᠨ ᠤ ᠲᠤᠭᠤᠵᠢᠰ; ᠶᠤᠰᠤ ᠵᠠᠩᠰᠢᠯ; ᠳᠠᠯᠳᠠ ᠲᠧᠺᠰᠲ; ᠠᠴᠢ ᠬᠤᠯᠪᠤᠭᠳᠠᠯ
Abstract ᠲᠤᠭᠤᠵᠢᠰ ᠲᠠᠬᠢ ᠨᠤᠲᠤᠭ ᠤᠰᠤᠨ ᠤ ᠶᠤᠰᠤ ᠵᠠᠩᠰᠢᠯ ᠤᠨ ᠵᠢᠷᠤᠭᠯᠠᠯ ᠨᠢ ᠳᠦᠷᠢ ᠶᠢᠨ ᠭᠤᠤ᠎ᠠ ᠰᠠᠢ᠌ᠬᠠᠨ ᠤ ᠰᠡᠳᠬᠢᠯᠭᠡ᠂ ᠰᠤᠶᠤᠯ ᠰᠡᠳᠬᠢᠴᠡ ᠶᠢ ᠢᠯᠡᠷᠡᠭᠦᠯᠬᠦ᠂ ᠳᠦᠷᠢ ᠶᠢᠨ ᠰᠤᠶᠤᠯ ᠤᠨ ᠭᠠᠷᠤᠯ (文化身份)᠂ ᠨᠤᠲᠤᠭ ᠤᠰᠤᠨ ᠤ ᠬᠠᠷᠢᠶᠠᠯᠠᠯ ᠢ ᠲᠤᠳᠤᠷᠠᠭᠤᠯᠬᠤ ᠵᠡᠷᠭᠡ ᠠᠴᠢ ᠬᠤᠯᠪᠤᠭᠳᠠᠯ ᠪᠠᠢ᠌ᠭ᠎ᠠ ᠲᠡᠳᠦᠢ ᠦᠭᠡᠢ ᠲᠤᠭᠤᠵᠢᠰ ᠤᠨ ᠠᠬᠤᠭᠤᠯᠤᠮᠵᠢ ᠶᠢ ᠳᠡᠯᠡᠬᠦ ᠪᠡ ᠵᠤᠬᠢᠶᠠᠯ ᠢ ᠦᠰᠦᠳᠴᠢᠯᠡᠬᠦ ᠣᠨᠴᠠᠭᠠᠢ ᠠᠴᠢ ᠬᠤᠯᠪᠤᠭᠳᠠᠯ ᠲᠠᠢ ᠪᠠᠢ᠌ᠳᠠᠭ᠃ ᠨᠤᠲᠤᠭ ᠤᠰᠤᠨ ᠤ ᠶᠤᠰᠤ ᠵᠠᠩᠰᠢᠯ ᠤᠨ ᠪᠡᠯᠭᠡᠳᠡᠯ ᠤᠳᠬ᠎ᠠ ᠪᠠ ᠲᠡᠭᠦᠨ ᠦ ᠴᠠᠭᠠᠨ᠎ᠠ ᠨᠢᠭᠤᠭᠳᠠᠵᠤ ᠪᠦᠬᠦᠢ ᠳᠠᠯᠳᠠ ᠲᠧᠺᠰᠲ (ᠨᠤᠲᠤᠭ ᠤᠰᠤᠨ ᠤ ᠰᠤᠶᠤᠯ ᠰᠡᠳᠭᠢᠭᠦᠢ᠂ ᠨᠡᠢ᠌ᠲᠡ ᠶᠢᠨ ᠡᠵᠡᠭᠦᠢ ᠤᠬᠠᠮᠰᠠᠷ ᠵᠡᠷᠭᠡ)᠋ ᠢ ᠨᠢ ᠰᠠᠢ᠌ᠲᠤᠷ ᠣᠢ᠌ᠯᠠᠭᠠᠬᠤ ᠦᠭᠡᠢ ᠪᠤᠯ ᠲᠤᠭᠤᠵᠢᠰ ᠤᠨ ᠵᠢᠩᠬᠢᠨᠢ ᠠᠮᠳᠠ ᠰᠢᠮᠲᠠ ᠶᠢ ᠣᠯᠬᠤ ᠳᠤ ᠪᠡᠷᠬᠡ ᠲᠡᠢ ᠪᠦᠭᠡᠳ ᠤᠩᠰᠢᠭᠴᠢ᠂ ᠰᠢᠭᠦᠮᠵᠢᠯᠡᠭᠴᠢᠳ ᠦᠨ ᠭᠤᠤ᠎ᠠ ᠰᠠᠢ᠌ᠬᠠᠨ ᠤ ᠪᠤᠶᠤ ᠰᠤᠶᠤᠯ ᠤᠨ ᠮᠠᠭᠠᠳᠯᠠᠯ ᠨᠢ ᠪᠤᠰᠤᠳᠴᠢ ᠪᠠᠢ᠌ᠳᠠᠯ ᠠᠴᠠ ᠬᠡᠯᠪᠡᠢ᠌ᠬᠦ ᠳᠦ ᠬᠦᠷᠬᠦ ᠶᠤᠮ᠃ ᠨᠤᠲᠤᠭ ᠤᠰᠤᠨ ᠤ ᠲᠤᠭᠤᠵᠢᠰ ᠤᠨ ᠵᠤᠬᠢᠶᠠᠯ ᠨᠢ ᠪᠤᠰᠤᠳ ᠨᠤᠲᠤᠭ ᠤᠰᠤᠨ ᠤ ᠤᠩᠰᠢᠭᠴᠢᠳ ᠲᠤ ᠤᠤᠭᠠᠯ ᠰᠤᠶᠤᠯ ᠤᠨ ᠬᠤᠪᠢᠯᠪᠤᠷᠢ ᠪᠤᠯᠬᠤ ᠡᠯ᠎ᠡ ᠨᠤᠲᠤᠭ ᠤᠰᠤᠨ ᠤ ᠲᠤᠬᠠᠢ ᠦᠷᠭᠡᠨ ᠳᠡᠯᠭᠡᠷ ᠮᠡᠳᠡᠯᠭᠡ ᠲᠤᠷᠰᠢᠯᠭ᠎ᠠ  ᠶᠢᠨ ᠬᠤᠷᠠᠮᠳᠤᠯᠭ᠎ᠠ ᠶᠢ ᠱᠠᠭᠠᠷᠳᠠᠵᠤ ᠪᠠᠢ᠌ᠨ᠎ᠠ᠃
Original Literature View Original Paper
出自 中国蒙古学 2012年 第6期

联系我们


内蒙古大学图书馆
呼和浩特市大学西路235号
中国·内蒙古
P: (0471) 4992561
E: huangfeilong@imu.edu.cn