Paper Information


Title ᠴᠤᠯ ᠰᠢᠯᠦᠭ ᠤᠨ ᠤ᠋ᠨ᠋᠋ᠤᠯ ᠦᠢᠯᠡᠳᠤᠯᠭᠡ ᠬᠢᠭᠡᠳ ᠮᠤᠩᠭᠤᠯ ᠰᠢᠯᠦᠭ
Creator ᠬᠠᠢᠷᠠᠬᠠᠨ
Keyword ᠴᠤᠯ ᠰᠢᠯᠦᠭ; ᠴᠤᠯ ᠭᠤᠤ᠎ᠠ; ᠮᠤᠩᠭᠤᠯ ᠰᠢᠯᠦᠭ; ᠤᠳᠤ ᠦᠶ᠎ᠡ
Abstract ᠴᠤᠯ ᠰᠢᠯᠦᠭ ᠪᠤᠯ 19 ᠳ᠋ᠤᠭᠡᠷ ᠵᠠᠭ᠋ᠤᠨ ᠤᠨ ᠲᠤᠮᠳᠠᠴᠢ ᠰᠡᠬᠦᠯᠴᠢ ᠪᠡᠷ ᠦᠷᠦᠨ᠋ᠡᠳᠡᠬᠢᠨ ᠳᠤ ᠡᠬᠦᠰᠴᠦ ᠪᠦᠷᠢᠯᠳᠤᠭᠰᠡᠨ ᠨᠢᠭᠡ ᠵᠤᠢᠯ ᠤᠨ ᠰᠢᠯᠦᠭ ᠤᠨ ᠤᠢᠯᠠᠭ᠋ᠭᠳᠠᠬᠤᠨ ᠶᠤᠮ᠃ ᠲᠡᠷᠡ ᠨᠢ ᠪᠡᠯᠭᠡᠳᠡᠭᠴᠢ ᠦᠵᠡᠯ ᠤᠨ ᠰᠢᠯᠦᠭ ᠤᠷᠠᠯᠢᠭ ᠲᠠᠢ ᠪᠡᠶ᠎ᠡ ᠰᠡᠬᠦᠳᠡᠷ ᠮᠡᠳᠤ ᠲᠭ᠋ᠠᠯᠴᠠᠨ ᠬᠦᠭᠵᠢᠵᠦ᠂ 20 ᠳ᠋ᠤᠭ᠋ᠠᠷ ᠵᠠᠬ᠋ᠤᠨ ᠤ ᠸᠠᠯᠸᠷᠢ ᠤᠨ᠋ᠤᠯ ᠤᠨ ᠲᠠᠯ᠎ᠠ ᠪᠡᠷ ᠲᠤᠷᠠᠳᠤᠯᠳᠠ ᠳ᠋ᠦᠩᠨ᠋ᠡᠯᠳᠠ ᠬᠢᠭᠰᠡᠨ ᠪᠦᠭᠡᠳ ᠡᠬᠦᠨᠴᠡ ᠰᠡᠬᠦᠯᠡᠷ ᠴᠤᠯ ᠰᠢᠯᠦᠭ ᠤᠨ ᠤᠨ᠋ᠤᠯ ᠦᠢᠯᠡᠳᠤᠯᠭᠡ ᠲᠡᠯᠡᠬᠡᠢ ᠶᠢᠨ ᠤᠯᠠᠠ ᠤᠯᠤᠰ ᠶᠢᠡᠷ ᠲᠦᠭᠡᠨ ᠲᠠᠷᠠᠬᠵᠦ ᠦᠷᠭᠡᠨ ᠨᠦᠯᠦᠭᠡ ᠭᠠᠷᠭ᠋ᠠᠭᠰᠠᠨ ᠶᠤᠮ᠃ ᠮᠤᠩᠭᠤᠯ ᠦᠨᠳᠤᠰᠤᠳᠡᠨ ᠤ ᠰᠢᠯᠦᠭ ᠤᠨ ᠤᠯᠠᠮᠵᠢᠯᠡᠯ ᠳ᠋ᠡᠬᠢ ᠬᠡᠯᠡᠨ ᠤ ᠭᠤᠤ᠎ᠠ ᠶᠢᠨ ᠰᠢᠳᠤᠯᠭᠡ᠂ ᠴᠢᠮᠡᠭᠯᠡᠬᠦᠢ ᠰᠢᠨᠵᠢ ᠶᠢᠨ ᠴᠢᠬᠤᠯᠠᠴᠢᠯᠡᠯ ᠬᠢᠭᠡᠳ ᠪᠠᠯᠭᠡᠳᠠᠬᠦᠢ ᠰᠢᠨᠵᠢ ᠶᠢᠨ ᠲᠡᠭᠡᠵᠢᠯᠡᠯ ᠬᠡᠬᠦ ᠭᠤᠷᠪᠠᠨ ᠤᠢᠯᠠᠭ᠋ᠭᠳᠠᠬᠤᠨ ᠨᠢ ᠤᠳᠤ ᠦᠢ᠎ᠡ ᠶᠢᠨ ᠮᠤᠩᠭᠤᠯ ᠰᠢᠯᠦᠭ ᠲᠤ ᠴᠤᠯ ᠰᠢᠯᠦᠭ ᠤᠰᠤᠯᠠᠨ ᠡᠬᠦᠰᠬᠦ ᠶᠢᠨ ᠤᠯᠠᠮᠵᠢᠯᠠᠯᠳᠤ ᠭᠸᠨ ᠪᠤᠯᠤᠭᠰᠠᠨ ᠶᠤᠮ᠃ ᠤᠳᠤ ᠦᠶ᠎ᠡ ᠶᠢᠨ ᠮᠤᠩᠭᠤᠯ ᠰᠢᠯᠦᠭ ᠤᠨ ᠲᠡᠤᠭᠡᠨ ᠳᠤ ᠴᠤᠯ ᠰᠢᠯᠦᠭ ᠤᠨ ᠬᠦᠭᠡᠭᠡᠴᠡᠯᠳᠤᠯ ᠡᠴᠢᠨ᠎ᠠ ᠰᠤᠳᠠᠰᠤᠨ ᠮᠠᠶᠢᠭ ᠶᠢᠡᠷ ᠤᠷᠤᠰᠤᠨ ᠤᠯᠠᠷᠢᠵᠦ᠂ ᠪ • ᠪᠦᠷᠢᠨᠪᠡᠬᠢ᠂ ᠳ᠋ᠠ‍ •ᠰᠠᠷᠠᠨᠸᠩᠵᠢᠯ᠂ ᠲᠤᠷᠤᠨ᠋ᠠᠲᠡᠭᠷᠢ ᠨᠠᠷ ᠤᠨ ᠴᠤᠯ ᠭᠤᠤ᠎ᠠ ᠶᠢᠨ ᠬᠦᠭᠡᠭᠡᠴᠡᠯᠳᠤᠯ᠂ ᠯ •ᠴᠢᠯᠠᠭ᠋ᠤᠨᠪᠠᠭ᠋ᠠᠳᠤᠷ ᠤ ᠰᠢᠯᠦᠭ ᠢ ᠬᠦᠭᠵᠢᠮ ᠳᠤ ᠤᠢᠷᠠᠳᠤᠭ᠋ᠤᠯᠬᠤ ᠤᠷᠤᠯᠳᠤᠯᠭ᠎ᠠ᠂ ᠪ • ᠪᠤᠶᠠᠨᠬᠡᠰᠢᠭ᠌ ᠤᠨ ᠬᠡᠯᠡᠨ ᠤ ᠰᠢᠯᠦᠭ ᠵᠦᠢ ᠶᠢᠨ ᠨᠡᠭᠡᠭᠡᠯᠳᠡ ᠴᠦᠮ ᠠᠳᠠᠯᠢ ᠪᠤᠰᠤ ᠲᠠᠯ᠎ᠠ ᠪᠡᠷ ᠴᠤᠯ ᠰᠢᠯᠦᠭ ᠤᠨ ᠤᠢᠯᠠᠭ᠋ᠭᠳᠠᠬᠤᠨ ᠢ ᠪᠠᠶᠠᠯᠢᠭᠵᠢᠭ᠋ᠤᠯᠵᠦ᠂ ᠬᠠ‍ • ᠪᠠᠳᠤᠵᠢᠷᠭᠠᠯ 21 ᠳ᠋ᠤᠭᠡᠷ ᠵᠠᠭ᠋ᠤᠨ ᠤ ᠡᠬᠢ ᠪᠡᠷ ᠴᠤᠯ ᠰᠢᠯᠦᠭ ᠤᠨ ᠲᠤᠭ᠋ᠤᠷᠪᠢᠯ ᠢ ᠨᠡᠯᠢᠶᠡᠳ ᠪᠠᠳᠤᠳᠡᠢ ᠬᠦᠭᠡᠭᠡᠴᠡᠯᠳᠤᠯ ᠪᠤᠯᠭ᠋ᠠᠨ ᠲᠤᠭᠳᠠᠪᠤᠷᠢᠭ᠋ᠤᠯᠤᠭᠰᠠᠨ ᠪᠠᠢᠠ᠎ᠠ᠃ ᠮᠤᠩᠭᠤᠯ ᠴᠤᠯ ᠰᠢᠯᠦᠭ ᠤᠨ ᠲᠤᠭ᠋ᠤᠷᠪᠢᠯ ᠳᠤ ᠂ ᠬᠡᠯᠡᠨ ᠤ ᠰᠢᠯᠦᠭ ᠵᠦᠢ ᠶᠢᠨ ᠪᠠᠳᠠᠷᠠᠭ᠋ᠠᠯ᠂ ᠴᠤᠯ ᠭᠤᠤ᠎ᠡ ᠶᠢᠨ ᠬᠦᠭᠡᠭᠡᠴᠡᠯᠳᠤᠯ᠂ ᠨᠢᠭ᠋ᠤᠴᠠᠭᠠᠢ ᠰᠢᠨᠵᠢ ᠶᠢᠨ ᠠᠮᠢᠯᠠᠯ᠂ ᠤᠶᠠᠩᠭ᠎ᠠ ᠶᠢᠨ ᠴᠢᠨ᠋ᠠᠷ ᠤᠨ ᠲᠡᠬᠡᠵᠢᠯᠡᠯ ᠵᠠᠷᠭᠡ ᠲᠦᠷᠪᠡᠨ ᠢᠯᠡᠷᠭᠡᠢ ᠤᠨᠴᠠᠯᠢᠭ ᠪᠤᠢ᠃
Original Literature View Original Paper
出自 中国蒙古学 2014年 第5期

联系我们


内蒙古大学图书馆
呼和浩特市大学西路235号
中国·内蒙古
P: (0471) 4992561
E: huangfeilong@imu.edu.cn