Title |
《ᠨᠤᠬᠠᠢ》ᠲᠠᠢ ᠬᠤᠯᠪᠤᠭᠳᠠᠬᠤ ᠦᠭᠡ ᠶᠢᠨ ᠤᠳᠬ᠎ᠠ ᠤᠬᠠᠪᠤᠷᠢ ᠶᠢ ᠲᠤᠷᠰᠢᠨ ᠦᠭᠦᠯᠡᠬᠦ ᠨᠢ |
Creator |
ᠨᠤᠭᠤᠨᠵᠢᠶᠠᠭ᠎ᠠ |
Keyword |
《ᠨᠤᠬᠠ》ᠲᠠᠢ ᠬᠤᠯᠪᠤᠭᠳᠠᠬᠤ ᠦᠭᠡ; ᠠᠮᠢᠳᠤ ᠬᠡᠯᠡᠯᠭᠡ; ᠦᠪᠡᠷᠮᠢᠴᠡ ᠬᠡᠯᠡᠯᠭᠡ; ᠤᠳᠬ᠎ᠠ ᠤᠬᠠᠪᠤᠷᠢ |
Abstract |
ᠶᠠᠮᠠᠷ ᠨᠢᠭᠡᠨ ᠦᠭᠡᠨ ᠳᠦ ᠦᠨᠳᠦᠰᠦᠨ ᠤᠳᠬ᠎ᠠ ᠪᠠᠶᠢᠬᠤ ᠠᠴᠠ ᠭᠠᠳᠠᠨ᠎ᠠ ᠨᠡᠩ ᠤᠯᠠᠨ ᠰᠠᠯᠪᠤᠷᠢ ᠤᠳᠬ᠎ᠠ ᠪᠠᠶᠢᠳᠠᠭ ᠢᠶᠠᠷ ᠬᠡᠯᠡᠨ ᠦ ᠦᠭᠡᠰ ᠦᠨ ᠰᠠᠩ ᠲᠤᠶᠢᠯ ᠤᠨ ᠪᠠᠶᠠᠯᠢᠭ ᠪᠦᠭᠡᠳ ᠬᠦᠭ᠍ᠵᠢᠯ ᠦᠨ ᠦᠷᠭᠡᠨ ᠬᠠᠨᠳᠤᠰᠢ ᠲᠠᠢ ᠪᠠᠶᠢᠳᠠᠭ᠃ ᠮᠠᠩ᠌ᠭᠤᠯ ᠬᠡᠯᠡᠨ ᠦ ᠦᠭᠡ ᠶᠢᠨ ᠤᠳᠬ᠎ᠠ ᠶᠢᠨ ᠰᠤᠳᠤᠯᠤᠯ ᠢ ᠬᠦᠮᠦᠰ ᠬᠡᠳᠦᠶᠢᠪᠡᠷ ᠴᠢᠬᠤᠯᠠᠴᠢᠯᠠᠭᠰᠠᠭᠠᠷ ᠢᠷᠡᠭᠰᠡᠨ ᠪᠤᠯᠪᠠᠴᠤ ᠨᠢᠭᠡ ᠦᠭᠡ ᠪᠡᠷ ᠭᠤᠤᠯ ᠴᠤᠭᠴᠠ ᠪᠤᠯᠭᠠᠭᠰᠠᠨ ᠪᠦᠭᠡᠮ ᠦᠭᠡ ᠦᠭᠦᠯᠡᠮᠵᠢ ᠶᠢ ᠰᠢᠨᠵᠢᠯᠡᠬᠦ ᠲᠠᠯ᠎ᠠ ᠪᠠᠷ ᠪᠠᠰᠠ ᠲᠤᠯᠢᠮᠠᠭ ᠪᠠᠶᠢᠭᠰᠠᠭᠠᠷ᠃ ᠡᠨᠡᠬᠦ ᠵᠤᠭᠰᠤᠴᠠ ᠠᠴᠠ ᠡᠭᠦᠰᠴᠦ᠂ ᠲᠤᠰ ᠦᠭᠦᠯᠡᠯ ᠳᠦ 《ᠨᠤᠬᠠᠢ》ᠲᠠᠢ ᠬᠤᠯᠪᠤᠭᠳᠠᠬᠤ ᠨᠢᠭᠡᠨ ᠪᠦᠯᠦᠭ ᠦᠭᠡ ᠪᠤᠶᠤ ᠦᠪᠡᠷᠮᠢᠴᠡ ᠬᠡᠯᠡᠯᠭᠡ ᠶᠢ ᠵᠢᠭ᠌ᠰᠠᠭᠠᠨ᠂ ᠲᠡᠭᠦᠨ ᠦ ᠤᠳᠬ᠎ᠠ ᠤᠬᠠᠪᠤᠷᠢ ᠶᠢ ᠳᠠᠭᠠᠰᠢᠶᠠᠯ ᠤᠨ ᠤᠳᠬ᠎ᠠ᠂ ᠵᠢᠪᠡᠭᠦᠴᠡᠯ ᠦᠨ ᠤᠳᠬ᠎ᠠ᠂ ᠡᠩ ᠦᠨ ᠤᠳᠬ᠎ᠠ ᠵᠡᠷᠭᠡ ᠭᠤᠷᠪᠠ ᠬᠤᠪᠢᠶᠠᠨ ᠲᠠᠶᠢᠯᠪᠤᠷᠢᠯᠠᠭᠰᠠᠨ ᠰᠠᠭᠤᠷᠢᠨ ᠳᠡᠭᠡᠷ᠎ᠡ ᠲᠡᠭᠦᠨ ᠦ ᠭᠦᠨ ᠤᠬᠠᠭᠠᠯᠢᠭ ᠰᠢᠨᠵᠢ ᠶᠢ ᠳᠦᠭᠦᠮ ᠰᠢᠨᠵᠢᠯᠡᠪᠡ᠃ |
Original Literature |
View Original Paper
|
出自 |
内蒙古师范大学学报
2006年
第2期
|