Title |
ᠤᠷᠢᠶᠠᠩ᠋ᠬᠠᠢ ᠶᠢᠨ ᠲᠤᠤᠯᠢ ᠶᠢᠨ ᠡᠭᠦᠰᠦᠯ ᠵᠢᠴᠢ ᠲᠤᠤᠯᠢ ᠬᠠᠢ᠌ᠢᠯᠠᠬᠤ ᠳᠤᠮᠤᠭ ᠢ ᠬᠦᠬᠡᠨᠠᠭᠤᠷ ᠤᠨ ᠳᠤᠮᠤᠭ ᠲᠠᠢ ᠬᠠᠷᠢᠴᠠᠭᠤᠯᠬᠤ ᠨᠢ |
Creator |
ᠳ᠋᠂ ᠪᠠᠲᠤ |
Keyword |
ᠲᠤᠤᠯᠢ ᠬᠠᠢ᠌ᠯᠠᠬᠤ ᠵᠠᠩ ᠦᠢᠯᠡ; ᠲᠤᠤᠯᠢᠴᠢᠳ; ᠤᠷᠢᠶᠠᠩ᠋ᠬᠠᠢ ᠶᠢᠨ ᠲᠤᠤᠯᠢ; ᠬᠦᠬᠡᠨᠠᠭᠤᠷ ᠤᠨ ᠳᠤᠮᠤᠭ; ᠬᠠᠷᠢᠴᠠᠭᠤᠯᠤᠯ |
Abstract |
ᠮᠣᠩᠭᠤᠯ ᠤᠯᠤᠰ ᠤᠨ ᠤᠷᠢᠶᠠᠩ᠋ᠬᠠᠢ ᠲᠤᠤᠯᠢ ᠬᠠᠢ᠌ᠯᠠᠭᠴᠢᠳ ᠤᠨ ᠦᠭᠦᠯᠡᠭᠰᠡᠨ ᠳᠤᠮᠤᠭ ᠬᠢᠭᠡᠳ ᠬᠦᠬᠡᠨᠠᠭᠤᠷ ᠮᠣᠩ᠋ᠭᠤᠯᠴᠤᠳ ᠤᠨ ᠳᠤᠮᠳᠠ ᠲᠤᠯᠢᠴᠢᠳ ᠪᠤᠢ ᠪᠤᠯᠤᠭᠰᠠᠨ ᠪᠠ ᠲᠤᠤᠯᠢ ᠬᠠᠢ᠌ᠯᠠᠬᠤ ᠪᠤᠯᠤᠭᠰᠠᠨ ᠵᠠᠩ ᠦᠢᠯᠡ ᠲᠡᠢ ᠬᠠᠮᠢᠶ᠎ᠠ ᠪᠦᠬᠦᠢ ᠳᠤᠮᠤᠭ ᠨᠢ ᠬᠤᠶᠠᠷ ᠶᠠᠩᠵᠤ ᠶᠢᠨ ᠠᠳᠠᠯᠢ ᠪᠤᠰᠤ ᠬᠤᠪᠢᠯᠪᠤᠷᠢ ᠲᠠᠢ ᠪᠠᠢ᠌ᠳᠠᠭ᠃ ᠡᠳᠡᠭᠡᠷ ᠳᠤᠮᠤᠭ ᠤᠨ ᠠᠳᠠᠯᠢ ᠤᠯᠠᠮᠵᠢᠯᠠᠯ ᠬᠢᠭᠡᠳ ᠲᠡᠳᠡᠭᠡᠷ ᠦᠨ ᠢᠵᠠᠭᠤᠷ ᠰᠢᠨᠵᠢ ᠶᠢ ᠢᠯᠡᠷᠬᠡᠢ᠌ᠯᠡᠨ ᠭᠠᠷᠭᠠᠬᠤ᠂ ᠮᠦᠨ ᠲᠤᠤᠯᠢ ᠬᠠᠢ᠌ᠯᠠᠬᠤ ᠤᠯᠠᠮᠵᠢᠯᠠᠯ ᠰᠤᠶᠤᠯ᠂ ᠵᠠᠩ ᠦᠢᠯᠡ ᠶᠢᠨ ᠦᠪᠡᠷᠮᠢᠴᠡ ᠰᠢᠨᠵᠢ ᠣᠨᠴᠠᠯᠢᠭ ᠢ ᠰᠤᠳᠤᠯᠬᠤ ᠨᠢ ᠬᠤᠮᠵᠢᠮ ᠤᠨ ᠳᠤᠮᠤᠭ ᠰᠤᠳᠤᠯᠭᠠᠨ ᠳᠤ ᠮᠠᠰᠢ ᠴᠢᠬᠤᠯᠠ ᠠᠴᠢ ᠬᠤᠯᠪᠤᠭᠳᠠᠯ ᠲᠠᠢ ᠶᠤᠮ᠃ ᠲᠤᠰ ᠦᠭᠦᠯᠡᠯ ᠳᠦ ᠡᠳᠡᠭᠡᠷ ᠳᠤᠮᠤᠭ ᠢ ᠬᠤᠭᠤᠷᠤᠨᠳᠤ ᠳᠤᠨᠢ ᠬᠠᠷᠢᠴᠠᠭᠤᠯᠬᠤ ᠪᠠᠷ ᠳᠠᠮᠵᠢᠭᠤᠯᠤᠨ᠂ ᠮᠣᠩ᠋ᠭᠤᠯᠴᠤᠳ ᠤᠨ ᠡᠷᠲᠡᠨ ᠦ ᠲᠤᠤᠯᠢ ᠬᠠᠢ᠌ᠯᠠᠬᠤ ᠵᠠᠩ ᠦᠢᠯᠡ ᠶᠢᠨ ᠰᠢᠨᠵᠢ ᠣᠨᠴᠠᠯᠢᠭ᠂ ᠲᠡᠭᠦᠨ ᠦ ᠰᠤᠶᠤᠯ ᠲᠡᠦᠬᠡ ᠶᠢᠨ ᠤᠯᠠ ᠮᠦᠷ ᠬᠢᠭᠡᠳ ᠲᠡᠳᠡᠭᠡᠷ ᠵᠠᠩ ᠦᠢᠯᠡ ᠨᠢ ᠬᠤᠢ᠌ᠰᠢᠲᠠ ᠶᠢᠨ ᠲᠤᠤᠯᠢᠴᠢᠳ ᠪᠤᠢ ᠤᠯᠬᠤ ᠶᠢ ᠨᠦᠯᠦᠭᠡᠯᠡᠭᠰᠡᠨ ᠵᠢᠴᠢ ᠲᠤᠤᠯᠢ ᠶᠢᠨ ᠬᠦᠭ᠍ᠵᠢᠯᠲᠡ ᠳᠦ ᠬᠡᠷᠬᠢᠨ ᠦᠢᠯᠡᠳᠦᠯ ᠦᠵᠡᠭᠦᠯᠦᠭᠰᠡᠨ ᠵᠡᠷᠭᠡ ᠶᠢ ᠦᠭᠦᠯᠡᠬᠦ ᠪᠡᠷ ᠪᠠᠢ᠌ᠨ᠎ᠠ᠃ |
Original Literature |
View Original Paper
|
出自 |
中国蒙古学
2013年
第6期
|