Paper Information


Title ᠠᠬᠤᠡᠢᠴᠢ ᠦᠵᠡᠯ ᠤᠨ ᠪᠤᠴᠠᠯᠳᠠ- ᠰᠢᠨ᠌ ᠡ ᠡᠷᠢᠨ ᠤ ᠮᠤᠩᠭ᠋ᠤᠯ ᠲᠤᠭᠤᠵᠢᠰ ᠤᠨ ᠲᠦᠷᠢ ᠪᠦᠳᠤᠭᠡᠯᠭᠡ ᠳ᠋ᠠᠬᠢ ᠬᠦᠮᠦᠨ ᠴᠢᠨᠠᠷ ᠤᠨ ᠰᠡᠷᠭᠦᠯ ᠢ ᠦᠬᠦᠯᠡᠬᠦ ᠨᠢ
Creator ᠰ᠂ ᠤᠳᠬᠤᠨᠪᠠᠶᠠᠷ
Keyword ᠠᠬᠤᠡᠢᠴᠢ ᠦᠵᠡᠯ᠂ ᠲᠦᠷᠢ ᠪᠦᠳᠤᠭᠡᠯᠭᠡ᠂ ᠬᠦᠮᠦᠨ ᠴᠢᠨᠠᠷ
Abstract ᠰᠢᠨ᠌ ᠡ ᠡᠷᠢᠨ ᠤ ᠮᠤᠩᠭ᠋ᠤᠯ ᠲᠤᠭᠤᠵᠢᠰ ᠤᠨ ᠭᠤᠤᠯ ᠤᠷᠤᠰᠬᠠᠯ ᠪᠤᠯ ᠠᠬᠤᠡᠢᠴᠢ ᠦᠵᠡᠯ ᠪᠤᠯᠤᠨ᠌ ᠡ᠃ ᠲᠡᠭᠦᠨ ᠤ ᠲᠦᠷᠢ ᠪᠦᠳᠤᠭᠡᠬᠦ ᠵᠠᠷᠴᠢᠮ ᠨᠢ ᠠᠬᠤᠡᠢᠴᠢ ᠦᠵᠡᠯ ᠤᠨ ᠵᠢᠷᠤᠮ ᠭᠤᠷᠢᠮ ᠳᠤ ᠰᠠᠭᠤᠷᠢᠯᠡᠳᠠᠭ᠃ ᠠᠮᠢᠳᠤᠷᠠᠯ ᠤᠨ ᠦᠨᠡᠨ ᠪᠡ ᠤᠷᠠᠯᠢᠭ ᠤᠨ ᠦᠨᠡᠨ ᠢ ᠲᠡᠭᠡᠳᠤ ᠬᠡᠮᠵᠢᠶ ᠡ ᠪᠡᠷ ᠨᠢᠭᠡᠳᠭᠡᠭ᠍ᠰᠡᠨ ᠠᠬᠤᠡᠢᠴᠢ ᠦᠵᠡᠯ ᠤᠨ ᠪᠠᠷᠢᠮᠳᠠᠯᠡᠯ ᠨᠢ ᠰᠢᠨ᠌ ᠡ ᠡᠷᠢᠨ ᠤ ᠲᠤᠭᠤᠵᠢᠰ ᠤᠨ ᠲᠦᠷᠢ ᠪᠦᠳᠤᠭᠡᠯᠭᠡ ᠳᠤ ᠨᠡᠡᠢᠭᠡᠮᠴᠢ ᠰᠢᠨᠵᠢ ᠪᠡ ᠪᠠᠡᠢᠭᠠᠯᠢᠴᠢ ᠰᠢᠨᠵᠢ ᠰᠢᠳᠤᠯᠴᠡᠨ ᠤᠷᠤᠰᠢᠬᠤ ᠦᠨᠳᠤᠰᠤᠨ ᠪᠠᠳᠤᠯᠠᠭ᠋ ᠡ ᠪᠤᠯᠵᠦ ᠬᠦᠮᠦᠨ ᠴᠢᠨᠠᠷ ᠤᠨ ᠰᠡᠷᠭᠦᠯ ᠢ ᠪᠠᠶᠠᠯᠡᠭᠦᠯᠪᠡ᠃ ᠲᠦᠷᠢ ᠪᠦᠳᠤᠭᠡᠯᠭᠡ ᠳ᠋ᠡᠬᠢ ᠬᠦᠮᠦᠨ ᠴᠢᠨᠠᠷ ᠤᠨ ᠰᠡᠷᠭᠦᠯ ᠨᠢ ᠨᠠᠡᠢᠭᠡᠮ ᠲᠡᠤᠭᠡ ᠶᠢᠨ ᠦᠵᠡᠭᠳᠡᠯ ᠳᠤ ᠲᠤᠯᠳᠤᠢᠢᠳᠬᠤ ᠪᠡᠷ ᠪᠠᠷᠠᠬᠤ ᠦᠬᠡᠢ ᠪᠠᠰᠠ ᠤᠳᠭ ᠡ ᠵᠤᠬᠢᠶᠠᠯ ᠤᠨ ᠭᠤᠤᠯ ᠤᠷᠤᠰᠬᠠᠯ ᠪᠡ ᠲᠤᠭᠤᠷᠪᠢᠯ ᠪᠡᠶ ᠡ ᠶᠢᠨ ᠦᠵᠡᠯᠳᠠ ᠵᠤᠭᠰᠤᠯᠳᠠ ᠲᠠᠢ ᠬᠤᠯᠪᠤᠭᠳᠠᠨ᠌ ᠡ᠃ ᠮᠤᠩᠭ᠋ᠤᠯ ᠲᠤᠭᠤᠵᠢᠰ ᠳ᠋ᠠᠬᠢ ᠲᠦᠷᠢ ᠪᠦᠳᠤᠭᠡᠯᠭᠡ ᠨᠢ ᠰᠢᠨ᠌ ᠡ ᠡᠷᠢᠨ ᠤ ᠨᠡᠡᠢᠭᠡᠮ ᠲᠡᠤᠭᠡ ᠶᠢᠨ ᠬᠦᠭ᠍ᠵᠢᠯ᠂ ᠤᠷᠠᠨ ᠵᠤᠬᠢᠶᠠᠯ ᠤᠨ ᠬᠦᠭ᠍ᠵᠢᠯ ᠤᠨ ᠵᠢᠮ ᠡ ᠬᠠᠤᠯᠢ ᠶᠢᠨ ᠪᠠᠷᠢᠮᠳᠠᠯᠡᠯ ᠶᠢᠡᠷ ᠦᠩᠬᠡᠷᠡᠭᠰᠡᠨ ᠤ ᠬᠠᠭᠤᠷᠮᠠᠭ ᠠᠬᠤᠡᠢᠴᠢ ᠦᠵᠡᠯ ᠡᠴᠨ ᠬᠠᠭᠠᠴᠡᠨ᠂ ᠵᠢᠩᠬᠢᠨᠢ ᠠᠬᠤᠡᠢᠴᠢ ᠦᠵᠡᠯ ᠳᠤ ᠪᠤᠴᠠᠵᠦ᠂ ᠬᠦᠮᠦᠨ ᠴᠢᠨᠠᠷ ᠤᠨ ᠰᠡᠷᠭᠦᠯ ᠢ ᠪᠠᠶᠠᠯᠡᠬᠦᠯᠬᠦ ᠶᠠᠪᠤᠴᠠ ᠵᠢ ᠦᠩᠬᠡᠷᠡᠭᠡᠪᠡ᠃ ᠦᠭᠦᠯᠡᠯ ᠳᠤ᠂ ᠡᠨᠡᠬᠦ ᠶᠠᠪᠤᠴᠠ ᠵᠢ ᠬᠠᠭᠤᠷᠮᠠᠭ ᠠᠬᠤᠡᠢᠴᠢ ᠦᠵᠡᠯ ᠤᠨ ᠵᠠᠳᠠᠷᠠᠯ᠂《 ᠰᠠᠡᠢᠨ - ᠮᠠᠭᠤ》ᠡᠰᠡᠷᠭᠦᠴᠡᠭᠰᠡᠨ ᠲᠦᠷᠢ ᠶᠢᠨ ᠵᠠᠨᠪᠤᠷ ᠤᠨ ᠴᠤᠭᠴᠠᠯᠡᠯ᠂ ᠭᠤᠨᠢᠭᠳᠤ ᠵᠦᠴᠦᠭᠡᠯᠢᠭ᠌ ᠲᠦᠷᠢ ᠶᠢᠨ ᠴᠤᠭᠴᠠᠯᠠᠯ ᠭᠡᠬᠦ ᠭᠤᠷᠪᠠᠨ ᠲᠡᠭᠳᠠᠷᠯᠢᠭ᠌ ᠶᠢᠡᠷ ᠦᠭᠦᠯᠡᠪᠡ᠃
Original Literature No Original Paper
出自 内蒙古社会科学(蒙文版) 2003年 第3期

联系我们


内蒙古大学图书馆
呼和浩特市大学西路235号
中国·内蒙古
P: (0471) 4992561
E: huangfeilong@imu.edu.cn