Title |
ᠶᠤᠸᠠᠨ ᠤᠯᠤᠰ ᠤᠨ ᠦᠶ ᠡ ᠶᠢᠨ ᠮᠣᠩᠭᠣᠯ ᠭᠠᠵᠠᠷ ᠤᠷᠤᠨ ᠳᠡᠬᠢ ᠰᠢᠩ ᠵᠦᠩ ᠱᠦ ᠱᠸᠩ ᠮᠤᠵᠢ ᠶᠢᠨ ᠲᠤᠬᠠᠢ ᠰᠤᠳᠤᠯᠤᠯ |
Creator |
ᠵᠠᠩ ᠳ᠋ᠠᠢ ᠢᠦᠢ ; ᠴ᠂ ᠠᠯᠲᠠᠨᠰᠦ᠋ᠮᠪᠦᠷ |
Keyword |
ᠶᠤᠸᠠᠨ ᠤᠯᠤᠰ; ᠮᠣᠩᠭᠣᠯ ᠤᠷᠤᠨ;ᠰᠢᠩ ᠱᠤ ᠱᠸᠩ ᠮᠤᠵᠢ; ᠬᠢᠯᠢ ᠬᠢᠵᠠᠭᠠᠷ |
Abstract |
ᠶᠤᠸᠠᠨ ᠤᠯᠤᠰ ᠡᠴᠡ ᠬᠠᠮᠤᠭ ᠤᠨ ᠳᠡᠭᠡᠲᠤ ᠤᠷᠤᠨ ᠨᠤᠳᠤᠭ ᠤᠨ ᠵᠠᠰᠠᠭ ᠵᠠᠬᠢᠷᠭᠠᠨ ᠦ ᠪᠠᠢ᠌ᠭᠤᠯᠤᠮᠵᠢ ᠪᠠ ᠵᠠᠰᠠᠭ ᠵᠠᠬᠢᠷᠭᠠᠨ ᠦ ᠬᠤᠪᠢᠶᠠᠷᠢᠯᠠᠯ— ᠰᠢᠩ ᠵᠦᠩ ᠱᠦ ᠱᠸᠩ ᠮᠤᠵᠢ ᠶᠢᠨ ᠲᠦᠷᠢᠮ ᠢ ᠡᠭᠦᠳᠡᠨ ᠪᠦᠳᠦᠭᠡᠭ᠍ᠰᠡᠨ᠂ ᠶᠤᠸᠠᠨ ᠤᠯᠤᠰ ᠤᠨ ᠦᠶ ᠡ ᠶᠢᠨ ᠮᠣᠩᠭᠣᠯ ᠦᠨᠳᠦᠰᠦᠳᠡᠨ ᠦ ᠭᠤᠤᠯᠳᠠᠭᠤ ᠡᠮᠤᠨᠡᠰᠢ ᠤᠳᠤ ᠶᠢᠨ ᠴᠠᠭᠠᠨ ᠬᠡᠷᠡᠮ᠂ ᠪᠠᠷᠠᠭᠤᠨᠰᠢ ᠡᠷᠴᠢᠰ ᠮᠦᠷᠡᠨ᠂ ᠠᠯᠲᠠᠢ ᠢᠷᠤᠭᠤ ᠲᠤᠯᠵᠤ᠂ ᠤᠮᠠᠷᠠᠰᠢ ᠰᠢᠪᠸᠷᠢ ᠶᠢᠨ ᠬᠤᠢ᠌ᠲᠤ ᠪᠡᠶ ᠡ ᠳᠤ ᠬᠦᠷᠴᠦ᠂ ᠵᠠᠭᠦᠨᠰᠢ ᠵᠡᠭᠦᠨ ᠬᠤᠢᠲᠤ ᠶᠢᠨᠨ ᠭᠤᠷᠪᠠᠨ ᠮᠤᠵᠢ ᠶᠢᠨ ᠪᠠᠷᠠᠭᠤᠨ ᠪᠡᠶ ᠠ ᠳᠤ ᠨᠤᠳᠤᠭᠯᠠᠵᠤ ᠪᠠᠢ᠌ᠭ᠎ᠠ ᠲᠤᠯᠠ ᠡᠳᠡᠭᠡᠷ ᠭᠠᠵᠠᠷ ᠤᠷᠤᠨ ᠢ 《ᠮᠣᠩᠭᠣᠯ ᠤᠷᠤᠨ》ᠭᠡᠳᠡᠭ᠂ ᠳᠠᠪᠠᠭᠠᠨ ᠦ ᠠᠷᠤ᠂ ᠯᠢᠶᠤᠤᠨᠢᠩ᠂ ᠱᠠᠨᠰᠢ᠂ ᠭᠠᠨᠰᠦ ᠵᠡᠷᠭᠡ ᠮᠤᠵᠢ ᠶᠢᠨ ᠰᠢᠩ ᠵᠦᠩ ᠱᠦ ᠱᠸᠩ ᠮᠤᠵᠢ ᠵᠢᠴᠢ ᠵᠦᠩ ᠱᠦ ᠱᠸᠩ ᠮᠤᠵᠢ ᠶᠢᠨ ᠪᠦᠬᠦᠢ᠌ᠯᠡ ᠤᠷᠤᠨ ᠪᠠ ᠬᠡᠰᠡᠭ ᠤᠷᠤᠨ ᠨᠢ ᠮᠣᠩᠭᠣᠯ ᠭᠠᠵᠠᠷ ᠤᠷᠤᠨ ᠳᠤ ᠬᠠᠮᠤᠷᠤᠭᠳᠠᠵᠤ ᠪᠠᠢ᠌ᠯ ᠠ᠃ ᠵᠢᠷᠠ ᠭᠠᠷᠤᠢ ᠵᠢᠯ ᠤᠨ ᠲᠤᠷᠰᠢᠬᠢ ᠤᠯᠠᠨ ᠤᠳᠠᠭᠠᠨ ᠦ ᠬᠤᠪᠢᠷᠠᠯᠲᠠ ᠶᠢ ᠦᠩᠭᠡᠷᠡᠭᠡᠳ ᠡᠳᠡᠭᠡᠷ ᠰᠢᠩ ᠵᠦᠩ ᠱᠦ ᠱᠸᠩ ᠮᠤᠵᠢ ᠰᠠᠶ᠍ᠢ᠍ ᠪᠠᠢ᠌ᠭᠤᠯᠤᠭᠳᠠᠭᠰᠠᠨ ᠶᠤᠮ᠃ ᠡᠳᠡᠭᠡᠷ ᠮᠤᠵᠢ ᠶᠢᠨ ᠪᠡᠢ᠌ᠭᠤᠯᠤᠭᠳᠠᠭᠰᠠᠨ ᠶᠠᠪᠤᠴᠠ ᠪᠤᠯ ᠶᠤᠸᠠᠨ ᠤᠯᠤᠰ ᠤᠨ ᠰᠢᠩ ᠵᠦᠩ ᠱᠦ ᠱᠸᠩ ᠮᠤᠵᠢ ᠶᠢᠨ ᠲᠦᠷᠢᠮ ᠢ ᠴᠤᠭᠴᠠᠯᠠᠭᠰᠠᠨ ᠪᠤᠳᠤᠯᠢᠶᠠᠨᠲᠠᠢ ᠦᠩᠭᠡᠷᠡᠯᠳᠡ ᠪᠤᠯᠤᠨ᠎ᠠ᠃ ᠡᠨᠡ ᠨᠢ ᠨᠡᠢ᠌ᠳᠡᠯᠢᠭ ᠰᠢᠨᠵᠢ ᠲᠠᠢ ᠪᠢᠯᠡ᠃ |
Original Literature |
View Original Paper
|
出自 |
内蒙古社会科学(蒙文版)
2008年
第2期
|