Paper Information


Title ᠮᠣᠩᠭᠤᠯᠴᠤᠳ ᠤᠨ ᠬᠤᠨᠢ ᠦᠷᠦᠴᠡᠯᠡᠬᠦ ᠶᠣᠰᠤ ᠬᠢᠭᠡᠳ ᠲᠠᠪᠠᠭᠠᠴᠠ ᠶᠢᠨ ᠣᠩᠭᠤᠨ ᠤ ᠬᠨᠠᠨ ᠵᠢᠷᠤᠭ ᠤᠨ ᠤᠯᠪᠠᠭ᠎ᠠ——ᠲᠠᠰᠢᠷᠠᠮ ᠳ᠋ᠤ《ᠨᠡᠪᠲᠡᠷᠬᠡᠢ ᠲᠤᠯᠢ》 ᠳ᠋ᠤ《 ᠬᠤᠨᠢ ᠬᠤᠭᠤᠯᠠᠢᠯᠠᠬᠤ》ᠵᠤᠷᠪᠤᠰ ᠢ ᠰᠢᠵᠢᠭᠯᠡᠬᠦ ᠨᠢ
Creator ᠲᠡᠭᠦᠰᠪᠠᠶᠠᠷ
Keyword ᠬᠤᠨᠢ ᠦᠷᠦᠴᠡᠯᠡᠬᠦ; ᠲᠠᠪᠠᠭᠠᠴᠠ; ᠬᠠᠨᠠᠨ ᠵᠢᠷᠤᠭ
Abstract ᠲᠤᠰ ᠦᠭᠦᠯᠡᠯ ᠳ᠋ᠤ《ᠬᠤᠨᠢ ᠦᠷᠦᠴᠡᠯᠡᠬᠦ ᠶᠣᠰᠤ》ᠮᠣᠩᠭᠤᠯᠴᠤᠳ ᠤᠨ ᠲᠤᠮᠳᠠ ᠡᠳᠦᠭᠡ ᠪᠣᠯᠳᠠᠯ ᠠ ᠤᠯᠠᠮᠵᠢᠯᠠᠯᠭᠲᠠᠵᠤ ᠢᠷᠡᠭᠰᠡᠨ ᠢ ᠲᠤᠭᠠᠴᠢᠭᠰᠠᠨ ᠪᠦᠭᠡᠳ 13 ᠳ᠋ᠤᠭᠠᠷ ᠵᠠᠭᠤᠨ ᠳ᠋ᠤ ᠦᠭᠡᠳᠡᠢ ᠬᠠᠭᠠᠨ ᠨᠠᠷ ᠬᠣᠨᠢᠨ ᠤ 《ᠬᠤᠭᠤᠯᠠᠢ ᠤᠭᠳᠤᠯᠬᠤ 》ᠵᠢ ᠴᠠᠭᠠᠵᠠᠯᠵᠤ ᠪᠠᠢᠭᠰᠠᠨ ᠲᠣᠬᠠᠢ ᠮᠡᠳᠡᠭᠡ ᠵᠢ ᠬᠠᠢᠨ ᠮᠦᠷᠲᠡᠪᠡ᠃ ᠨᠡᠩ ᠢᠯᠠᠩᠭᠤᠶ ᠠ ᠡᠷᠲᠡᠨ ᠤ ᠮᠣᠨᠭᠤᠯ ᠬᠡᠯᠡᠲᠦ ᠲᠠᠪᠭᠠᠴᠠᠴᠤᠳ ᠤᠨ ᠲᠠᠪᠤᠳᠤᠭᠠᠷ ᠵᠠᠭᠤᠨ ᠤ ᠣᠩᠭᠤᠨ  ᠤ ᠬᠠᠨᠠᠨ ᠵᠢᠷᠤᠭ ᠲᠦ ᠬᠤᠨᠢ ᠦᠷᠦᠴᠡᠯᠡᠵᠦ ᠪᠠᠢᠭ᠎ᠠ ᠵᠢᠷᠤᠭ ᠪᠠᠢᠭᠰᠠᠨ ᠢ《ᠲᠠᠬᠢᠨᠲᠠ ᠢᠯᠡᠷᠡᠭᠦᠯᠦᠭᠰᠡᠨ》 ᠪᠦᠭᠡᠳ ᠲᠡᠷᠡ ᠨᠢ ᠮᠣᠩᠭᠤᠯ ᠤᠨ 《ᠬᠤᠨᠢ ᠦᠷᠦᠴᠡᠯᠡᠬᠦ》 ᠶᠣᠰᠤᠨ ᠤ ᠲᠡᠦᠬᠡᠨ ᠤᠯᠪᠠᠭ᠎ᠠ ᠮᠦᠨ ᠪᠠᠢᠭᠰᠠᠨ ᠢ ᠦᠭᠦᠯᠡᠪᠡ᠃ ᠵᠢᠴᠢ ᠴᠢᠨᠠᠭᠰᠢ《ᠬᠤᠨᠢ ᠦᠷᠦᠴᠡᠯᠡᠬᠦ》 ᠶᠢᠨ ᠰᠣᠶᠣᠯ ᠰᠡᠳᠬᠢᠴᠡ ᠶᠢᠨ ᠰᠢᠯᠲᠠᠭᠠᠨ ᠢ ᠦᠭᠦᠯᠡᠭᠡᠳ ᠲᠡᠷᠡ ᠨᠢ ᠶᠠᠫᠤᠨ ᠤ ᠡᠷᠲᠡᠮᠲᠡᠨ ᠢᠷᠢᠮᠦᠲᠦ ᠲᠠᠺᠠᠰᠢ(煎本 孝Irimoto Takashi)ᠲᠤᠷᠠᠳᠤᠭᠰᠠᠨ ᠬᠦᠮᠨ ᠪᠠᠢᠭᠠᠯᠢ ᠶᠢᠨ ᠬᠤᠭᠤᠷᠤᠨᠳᠤᠬᠢ ᠬᠦᠷᠲᠡᠯᠴᠡᠯᠭᠡ(互惠性)ᠮᠦᠨ ᠪᠣᠯᠤᠨ᠎ᠠ ᠭᠡᠵᠦ ᠲᠠᠨᠢᠪᠠ᠃ ᠮᠣᠩᠭᠤᠯᠴᠤᠳ ᠤᠨ《 ᠬᠤᠨᠢ ᠦᠷᠦᠴᠡᠯᠡᠬᠦ ᠶᠣᠰᠤ》ᠨᠠᠭᠠᠲᠤ ᠵᠠᠬ᠎ᠠ ᠵᠢ 1500 ᠵᠢᠺ ᠤᠨ ᠲᠡᠦᠬᠡ ᠲᠠᠢ ᠪᠣᠯᠵᠤ ᠪᠠᠢᠭ᠎ ᠠ ᠨᠢ ᠲᠤᠰ ᠦᠭᠦᠯᠡᠯ ᠢᠢᠡᠷ ᠪᠠᠲᠤᠯᠠᠭᠳᠠᠨ᠎ᠠ᠃ ᠲᠠᠰᠢᠷᠠᠮ ᠳ᠋ᠤ 1997ᠣᠨ ᠤ 《ᠮᠣᠩᠭᠤᠯ ᠵᠠᠩ ᠦᠢᠯᠡ  ᠶᠢᠨ ᠨᠡᠪᠲᠡᠷᠬᠡᠢ ᠲᠤᠯᠢ》 ᠳ᠋ᠤ ᠲᠡᠮᠳᠡᠭᠯᠡᠭᠰᠡᠨ 《ᠬᠤᠨᠢ ᠬᠤᠭᠤᠯᠠᠢᠯᠠᠵᠤ ᠨᠢᠳᠤᠯᠠᠬᠤ 》ᠵᠡᠷᠭᠡ ᠶᠢᠨ ᠵᠤᠷᠪᠤᠰ ᠤᠳ ᠢ ᠪᠠᠷᠢᠮᠲᠠ ᠦᠭᠡᠢ 《ᠵᠣᠬᠢᠶᠠᠭᠰᠠᠨ》ᠪᠤᠷᠤᠭᠤ ᠵᠦᠢᠯ ᠭᠡᠵᠦ ᠰᠡᠵᠢᠭᠯᠡᠪᠡ᠃
Original Literature View Original Paper
出自 内蒙古大学学报 2015年 第4期

联系我们


内蒙古大学图书馆
呼和浩特市大学西路235号
中国·内蒙古
P: (0471) 4992561
E: huangfeilong@imu.edu.cn