Title |
《ᠮᠣᠩᠭ᠋ᠤᠯ ᠶᠠᠪᠠᠭᠠᠨ ᠦᠯᠢᠭᠡᠷ ᠤᠨ ᠬᠡᠪ ᠰᠢᠨᠵᠢ ᠶᠢᠨ ᠲᠤᠪᠶᠣᠭ》 ᠢ ᠬᠡᠷᠬᠢᠨ ᠵᠣᠢᠶᠠᠬᠤ ᠠᠰᠠᠭᠤᠳᠠᠯ ᠳ᠋ᠤ |
Creator |
ᠰᠡᠴᠡᠨᠮᠦ᠋ᠩᠬᠡ |
Keyword |
ᠮᠣᠩᠭ᠋ᠤᠯ ᠶᠠᠪᠠᠭᠠᠨ ᠦᠯᠢᠭᠡᠷ; ᠬᠡᠪ ᠰᠢᠨᠵᠢ; ᠲᠤᠪᠶᠤᠭ; ᠬᠡᠷᠬᠢᠨ ᠵᠣᠬᠢᠶᠠᠬᠤ ᠠᠰᠠᠭᠤᠳᠠᠯ |
Abstract |
ᠶᠠᠪᠠᠭᠠᠨ ᠦᠯᠢᠭᠡᠷ ᠤᠨ ᠬᠡᠪ ᠰᠢᠨᠵᠢ ᠶᠢᠨ ᠲᠣᠪᠶᠣᠭ ᠢ ᠬᠡᠷᠬᠢᠨ ᠵᠣᠬᠢᠶᠠᠬᠤ ᠠᠰᠠᠭᠤᠳᠠᠯ ᠪᠠᠯ ᠶᠠᠪᠠᠭᠠᠨ ᠦᠯᠢᠭᠡᠷ ᠤᠨ ᠬᠡᠪ ᠰᠢᠨᠵᠢ ᠶᠢᠨ ᠰᠣᠳᠤᠯᠭᠠᠨ ᠤ ᠰᠠᠭᠤᠷᠢ ᠠᠵᠢᠯ ᠪᠣᠯᠬᠤ ᠶᠣᠮ᠃ ᠡᠢᠢᠮᠦ ᠡᠴᠡ ᠪᠢᠳᠡ ᠨᠡᠢᠢᠲᠡ ᠮᠣᠩᠭ᠋ᠤᠯᠴᠤᠳ ᠤᠨ ᠶᠠᠪᠠᠭᠠᠨ ᠦᠯᠢᠭᠡᠷ ᠤᠨ ᠬᠡᠪ ᠰᠢᠨᠵᠢ ᠶᠢᠨ ᠲᠣᠪᠶᠣᠭ ᠢ ᠵᠣᠬᠢᠶᠠᠬᠤ ᠳ᠋ᠠᠭᠠᠨ ᠶᠠᠭᠤᠨ ᠤ ᠡᠮᠦᠨ᠌ ᠠ ᠮᠣᠩᠭ᠋ᠤᠯ ᠦᠨᠳᠦᠰᠦᠲᠡᠨ ᠤ ᠡᠯ ᠠ ᠭᠠᠵᠠᠷ ᠣᠷᠤᠨ ᠤ ᠶᠠᠪᠠᠭᠠᠨ ᠦᠯᠢᠭᠡᠷ ᠤᠨ ᠤᠯᠠᠮᠵᠢᠯᠠᠯ ᠤᠨ ᠪᠠᠢᠢᠳᠠᠯ ᠢ ᠲᠤᠰᠬᠠᠢ ᠰᠢᠰᠲ᠋ᠸᠮ ᠳ᠋ᠤᠨᠢ ᠵᠠᠳᠠᠯᠤᠨ ᠰᠢᠨᠵᠢᠯᠡᠭᠰᠡᠨ ᠰᠠᠭᠤᠷᠢᠨ ᠲᠡᠭᠡᠷ ᠡ ᠪᠠᠨ ᠡᠯ᠎ᠠ ᠭᠠᠵᠠᠷ ᠣᠷᠤᠨ ᠤ ᠶᠠᠪᠠᠭᠠᠨ ᠦᠯᠢᠭᠡᠷ ᠤᠨ ᠬᠡᠪ ᠰᠢᠨᠵᠢ ᠶᠢᠨ ᠲᠣᠪᠶᠣᠭ ᠢ ᠲᠤᠰᠪᠤᠷᠢ ᠳ᠋ᠤᠨᠢ ᠵᠣᠬᠢᠶᠠᠨ ᠭᠠᠷᠭᠠᠬᠤ; ᠬᠣᠶᠠᠳᠤᠭᠠᠷ ᠠᠯᠬᠤᠮ ᠳ᠋ᠠᠭᠠᠨ ᠡᠯ ᠠ ᠭᠠᠵᠠᠷ ᠣᠷᠤᠨ ᠤ ᠶᠠᠪᠠᠭᠠᠨ ᠦᠯᠢᠭᠡᠷ ᠤᠨ ᠬᠡᠪ ᠰᠢᠨᠵᠢ ᠨᠤᠭᠦᠳ ᠢ ᠶᠡᠷᠦᠩᠬᠡᠢ ᠰᠢᠰᠲ᠋ᠸᠮ ᠳ᠋ᠤᠨᠢ ᠵᠠᠳᠠᠯᠤᠨ ᠳ᠋ᠦᠩᠨᠡᠭᠰᠡᠨ ᠰᠠᠭᠤᠷᠢᠨ ᠲᠡᠡᠭᠡᠷ ᠡ ᠪᠠᠨ ᠨᠡᠢᠢᠲᠡ ᠮᠣᠩᠭ᠋ᠤᠯᠴᠤᠳ ᠤᠨ ᠶᠠᠪᠠᠭᠠᠨ ᠦᠯᠢᠭᠡᠷ ᠤᠨ ᠬᠡᠪ ᠰᠢᠨᠵᠢ ᠶᠢᠨ ᠨᠡᠢᠢᠳᠡᠯᠢᠭ ᠪᠣᠯᠤᠨ ᠦᠪᠡᠷᠮᠢᠴᠡ ᠣᠨᠴᠠᠯᠢᠭ ᠢ ᠬᠤᠷᠢᠶᠠᠩᠭ᠋ᠤᠢᠢᠯᠠᠨ ᠭᠠᠷᠭᠠᠬᠤ ᠪᠣᠯᠤᠨ᠌ ᠠ᠃ᠡᠨᠡ ᠪᠣᠯ ᠲᠠᠷᠤᠢ ᠲᠤᠰᠬᠠᠢ ᠡᠴᠡ ᠶᠡᠷᠦᠩᠬᠡᠢ ᠳ᠋ᠤ ᠬᠤᠷᠢᠶᠠᠩᠭ᠋ᠤᠢᠢᠯᠠᠬᠤ ᠠᠷᠭ᠋ ᠠ ᠪᠣᠯᠬᠤ ᠶᠣᠮ᠃ ᠢᠩᠬᠢᠵᠤ ᠬᠢᠬᠦ ᠶᠢᠨ ᠣᠨᠴᠠᠯᠢᠭ ᠲᠠᠢ ᠲᠠᠯ᠎ᠠ ᠨᠢ ᠭᠡᠪᠡᠯ᠂ ᠨᠡᠢᠢᠲᠡ ᠮᠣᠩᠭ᠋ᠤᠯᠴᠤᠳ ᠤᠨ ᠶᠠᠪᠠᠭᠠᠨ ᠦᠯᠢᠭᠡᠷ ᠤᠨ ᠬᠡᠪ ᠰᠢᠨᠵᠢ ᠶᠢᠨ ᠨᠡᠢᠢᠲᠡᠯᠢᠭ ᠪᠣᠯᠤᠨ ᠦᠪᠡᠷᠮᠢᠴᠡ ᠣᠨᠴᠠᠯᠢᠭ ᠢ ᠪᠦᠬᠦᠯᠢ ᠰᠢᠰᠲ᠋ᠸᠮ ᠳ᠋ᠤᠨᠢ ᠨᠡᠮᠢᠶᠡᠳ ᠪᠦᠷᠢᠨ ᠭᠦᠢᠢᠴᠡᠳ ᠂ ᠤᠨᠤᠪᠴᠢᠲᠠᠢ ᠪᠡᠷ ᠬᠤᠷᠢᠶᠠᠩᠭ᠋ᠤᠢᠢᠯᠠᠨ ᠭᠠᠷᠭᠠᠵᠤ ᠪᠣᠯᠬᠤ ᠶᠣᠮ᠃ |
Original Literature |
View Original Paper
|
出自 |
中国蒙古学
2014年
第1期
|