Paper Information


Title ᠡᠮᠦᠨᠡᠲᠦ ᠭᠤᠷᠯᠤᠰ ᠮᠣᠩᠭ᠋ᠤᠯᠴᠤᠳ ᠤᠨ ᠠᠮᠠᠨ ᠶᠠᠷᠢᠶᠠᠨ ᠤ ᠠᠪᠢᠶᠠᠯᠠᠪᠤᠷᠢ ᠶᠢᠨ ᠣᠨᠴᠠᠯᠢᠭ
Creator ᠪᠣᠣ ᠮᠸᠢ ᠷᠦᠩ;ᠲᠤᠯᠭᠠᠭᠤᠷᠢ
Keyword ᠡᠮᠦᠨᠡᠲᠦ ᠭᠤᠷᠯᠤᠰ;ᠮᠣᠩᠭ᠋ᠤᠯᠴᠤᠳ ᠤᠨ ᠠᠮᠠᠨ ᠶᠠᠷᠢᠶ ᠠ; ᠠᠪᠢᠶᠠᠯᠠᠪᠤᠷᠢ; ᠦᠪᠡᠷᠮᠢᠴᠡ ᠣᠨᠴᠠᠯᠢᠭ
Abstract ᠡᠮᠦᠨᠡᠲᠦ ᠭᠣᠷᠯᠤᠰ ᠮᠣᠩᠭ᠋ᠤᠯᠴᠤᠳ ᠨᠢ ᠬᠢᠲᠠᠳ ᠦᠨᠳᠦᠰᠦᠲᠡᠨ ᠲᠠᠢ ᠤᠷᠲᠤ ᠬᠤᠭᠤᠴᠠᠭ᠋ ᠠ ᠬᠦᠷᠰᠢ ᠵᠡᠷᠭᠡᠯᠳᠡᠭᠡ ᠪᠣᠶᠣ ᠬᠤᠯᠢᠯᠳᠤᠨ ᠰᠠᠭᠤᠷᠢᠰᠢᠵᠤ᠂ ᠬᠠᠭᠠᠰ ᠮᠠᠯᠵᠢᠬᠤ᠂ ᠬᠠᠭᠠᠰ ᠲᠠᠷᠢᠶᠠᠯᠠᠬᠤ ᠠᠵᠤ ᠠᠬᠤᠢ ᠵᠢ ᠡᠷᠬᠢᠯᠡᠨ᠂ ᠬᠢᠲᠠᠳ ᠰᠣᠶᠣᠯ ᠪᠠ ᠮᠣᠩᠭ᠋ᠤᠯ ᠰᠣᠶᠣᠯ ᠬᠠᠷᠢᠯᠴᠢᠨ ᠨᠡᠪᠴᠢᠯᠳᠦᠬᠦ ᠶᠢᠨ ᠬᠠᠮᠲᠤ ᠮᠣᠩᠭ᠋ᠤᠯᠵᠢᠨ᠂ ᠬᠠᠷᠠᠴᠢᠨ᠂ ᠲᠦᠮᠡᠳ ᠵᠢᠴᠢ ᠬᠤᠷᠴᠢᠨ ᠤ ᠪᠣᠰᠤᠳ ᠭᠠᠵᠠᠷ ᠡᠴᠡ ᠢᠷᠡᠭᠰᠡᠨ ᠮᠣᠩᠭ᠋ᠤᠯᠴᠤᠳ ᠶᠡᠬᠡ ᠪᠡᠷ ᠬᠣᠯᠢᠯᠳᠤᠨ ᠰᠠᠭᠤᠵᠤ ᠪᠠᠢᠢᠳᠠᠭ᠃ ᠡᠢᠢᠮᠦᠷᠬᠦᠦ ᠨᠡᠢᠢᠭᠡᠮ ᠰᠣᠶᠣᠯ ᠤᠨ ᠨᠢᠬᠦᠴᠡᠯ ᠨᠢ ᠡᠮᠦᠨᠡᠳᠦ ᠭᠤᠷᠯᠤᠰ ᠮᠣᠩᠭ᠋ᠤᠯᠴᠤᠳ ᠤᠨ ᠠᠮᠠᠨ ᠶᠠᠷᠢᠶᠠᠨ ᠤ ᠦᠪᠡᠷᠮᠢᠴᠡ ᠣᠨᠴᠠᠯᠢᠭ ᠢ ᠪᠦᠷᠢᠯᠳᠦᠭᠦᠯᠦᠭᠰᠡᠨ ᠪᠠᠢᠢᠨ᠌ ᠠ᠃ ᠲᠤᠰ ᠦᠭᠦᠯᠡᠯ ᠳᠤ ᠡᠮᠦᠨᠡᠳᠦ ᠭᠤᠷᠯᠤᠰ ᠮᠣᠩᠭ᠋ᠤᠯᠴᠤᠳ ᠤᠨ ᠠᠮᠠᠨ ᠶᠠᠷᠢᠶᠠᠨ ᠤ ᠡᠭᠡᠰᠢᠭ᠌ ᠭᠡᠢᠢᠭᠦᠯᠦᠭᠴᠢ ᠠᠪᠢᠶᠠᠯᠠᠪᠤᠷᠢ ᠵᠢ ᠠᠳᠠᠯᠢ ᠪᠣᠰᠤ ᠲᠠᠯ ᠠ ᠡᠴᠡ ᠠᠩᠬᠢᠯᠠᠭᠰᠠᠨ ᠰᠠᠭᠤᠷᠢᠨ ᠲᠡᠭᠡᠷ ᠡ ᠠᠪᠢᠶᠠᠯᠠᠪᠤᠷᠢ ᠨᠢᠭᠡᠪᠦᠷᠢ ᠵᠢ ᠪᠢᠴᠢᠭ᠌ ᠤᠨ ᠬᠡᠯᠡ ᠪᠠ ᠬᠤᠷᠴᠢᠨ ᠤ ᠪᠣᠰᠤᠳ ᠭᠠᠵᠠᠷ ᠤᠨ ᠠᠮᠠᠨ ᠶᠠᠷᠢᠶ ᠠ ᠲᠠᠢ ᠬᠠᠷᠢᠴᠠᠭᠤᠯᠬᠤ ᠪᠡᠷ ᠲᠠᠮᠵᠢᠨ ᠂ ᠲᠤᠰ ᠠᠮᠠᠨ ᠶᠠᠷᠢᠶᠠᠨ ᠤ ᠠᠪᠢᠶᠠᠯᠠᠪᠤᠷᠢ ᠶᠢᠨ ᠣᠨᠴᠠᠯᠢᠭ ᠢ ᠲᠤᠳᠤᠷᠬᠠᠢᠢᠯᠠᠨ ᠦᠭᠦᠯᠡᠵᠡᠢ᠃
Original Literature View Original Paper
出自 中国蒙古学 2014年 第1期

联系我们


内蒙古大学图书馆
呼和浩特市大学西路235号
中国·内蒙古
P: (0471) 4992561
E: huangfeilong@imu.edu.cn