Title |
ᠰᠢᠨ᠎ᠠ ᠡᠷᠢᠨ ᠤ ᠮᠣᠩᠭᠤᠯ ᠲᠤᠭᠤᠵᠢᠰ ᠲᠡᠬᠢ ᠮᠠᠬᠠᠪᠤᠳ ᠤᠨ ᠪᠢᠴᠢᠯᠭᠡ ᠶᠢᠨ ᠰᠢᠨᠵᠢᠯᠡᠯ |
Creator |
ᠢᠤᠢ ᠯᠠᠨ |
Keyword |
ᠰᠢᠨ᠎ᠠ ᠡᠷᠢᠨ ᠤ ᠮᠣᠩᠭᠤᠯ ᠲᠤᠭᠤᠵᠢᠰ; ᠬᠦᠢᠰᠦ ᠢᠯᠭᠠᠯ ᠤᠨ ᠬᠦᠦᠷᠨᠢᠯ; ᠮᠠᠬᠠᠪᠤᠳ ᠤᠨ ᠪᠢᠴᠢᠯᠭᠡ |
Abstract |
ᠵᠣᠬᠢᠶᠠᠯᠴᠢᠳ ᠲᠤ ᠠᠪᠴᠤ ᠬᠡᠯᠡᠪᠡᠯ᠂ ᠤᠷᠤᠰᠢᠬᠤᠢ ᠶᠢᠨ ᠦᠨᠳᠦᠰᠦᠨ ᠰᠠᠭᠤᠷᠢ ᠪᠤᠯᠬᠤ ᠪᠡᠶ ᠠ ᠮᠠᠬᠠᠪᠤᠳ ᠪᠤᠯ ᠣᠨᠴᠠᠭᠠᠢ ᠨᠢᠭᠡᠨ ᠬᠦᠷᠨᠢᠭᠳᠡᠬᠦᠨ᠂ ᠣᠨᠴᠠᠭᠠᠢ ᠬᠦᠦᠷᠨᠢᠯ ᠤᠨ ᠲᠠᠯᠠᠪᠠᠢ ᠪᠤᠯᠵᠤ ᠶᠣᠮ᠃ ᠦᠭᠦᠯᠡᠯ ᠳ᠋ᠤ ᠲᠠᠨᠢᠯᠲᠠ ᠳ᠋ᠤ ᠲᠦᠰᠢᠭᠯᠡᠵᠦ ᠮᠣᠩᠭᠤᠯ ᠲᠤᠭᠤᠵᠢᠰ ᠲᠤ ᠢᠯᠡᠷᠡᠭᠰᠡᠨ ᠪᠡᠶ ᠠ ᠮᠠᠬᠠᠪᠤᠳ ᠤᠨ ᠪᠢᠴᠢᠯᠭᠡ ᠵᠢ ᠲᠦᠷᠢᠮᠵᠢᠯᠡᠨ ᠰᠢᠨᠵᠢᠯᠡᠭᠰᠡᠨ ᠤ ᠳ᠋ᠦᠩ ᠳ᠋ᠤ ᠮᠠᠬᠠᠪᠤᠳ ᠪᠠᠶ ᠠ ᠨᠢ ᠤᠯᠠᠮᠵᠢᠯᠠᠯᠲᠤ ᠭᠤᠤ ᠠ ᠰᠤᠪᠢᠯᠲᠠ ᠶᠢᠨ ᠦᠵᠡᠯᠲᠡ ᠶᠢᠨ ᠤᠯᠠᠮᠵᠢᠯᠠᠭᠴᠢ᠂ᠤᠤᠷ ᠬᠦᠰᠡᠯ ᠬᠢᠭᠡᠳ ᠰᠸᠺᠰ ᠤᠨ ᠭᠤᠤ ᠠ ᠰᠤᠪᠢᠯᠲᠠ ᠶᠢᠨ ᠤᠬᠠᠮᠰᠠᠷ ᠤᠨ ᠠᠴᠢᠶᠠᠯᠠᠭᠴᠢ᠂ ᠬᠦᠢᠰᠦ ᠢᠯᠭᠡᠯ ᠤᠨ ᠰᠣᠶᠣᠯ ᠤᠨ ᠲᠠᠮᠵᠢᠭᠤᠯᠤᠭᠴᠢ ᠶᠨ ᠬᠤᠪᠢ ᠪᠡᠷ ᠬᠦᠦᠷᠨᠢᠯ ᠤᠨ ᠲᠠᠯᠠᠪᠠᠢ ᠳ᠋ᠤᠢᠯᠡᠷᠡᠵᠦ ᠪᠠᠢᠬᠤ ᠪᠦᠭᠡᠳ ᠠᠳᠠᠯᠢ ᠪᠤᠰᠤ ᠶᠢᠨ ᠬᠦᠢᠰᠦ ᠢᠯᠡᠭᠠᠯ ᠤᠨ ᠪᠦᠯᠦᠭ ᠴᠣᠭᠴᠠ ᠶᠢᠨ ᠬᠢᠨ ᠤ ᠰᠢᠲᠤᠨ ᠲᠡᠭᠡᠳᠦᠯᠡᠵᠦ ᠪᠠᠢᠭ᠎ᠠ ᠰᠣᠶᠣᠯ ᠤᠬᠠᠮᠰᠠᠷ ᠵᠢᠴᠢ ᠰᠡᠳᠬᠢᠴᠡ ᠶᠢᠨ ᠠᠳᠠᠯᠢ ᠪᠤᠰᠤ ᠡᠴᠡ ᠪᠤᠯᠵᠤ᠂ ᠡᠷᠡᠭᠲᠡᠢ ᠶᠢᠨ ᠬᠦᠦᠷᠨᠢᠯ ᠳ᠋ᠡᠬᠢ ᠮᠠᠬᠠᠪᠤᠳ ᠤᠨ ᠪᠢᠴᠢᠯᠭᠡ ᠨᠢ ᠵᠤᠷᠢᠯᠠᠭ ᠰᠢᠨᠵᠢ᠂ ᠦᠨᠳᠦᠷ ᠲᠠᠪᠲᠠᠮᠵᠢᠲᠤ ᠰᠢᠨᠵᠢ᠃ ᠵᠠᠭᠪᠤᠷᠵᠢᠭᠰᠠᠨ ᠰᠢᠨᠵᠢ᠂ ᠤᠯᠠᠮᠵᠢᠯᠠᠯᠲᠤ ᠰᠢᠨᠵᠢ ᠪᠠ ᠴᠣᠭᠴᠠᠯᠠᠯᠲᠠ ᠰᠢᠨᠵᠢ ᠵᠢ ᠪᠦᠷᠢᠯᠳᠦᠭᠦᠯᠦᠭᠰᠡᠨ ᠪᠠᠢᠬᠤ ᠳ᠋ᠤᠡᠮᠡᠭᠲᠣᠢ ᠵᠣᠬᠢᠶᠠᠯᠴᠢᠳ ᠤᠨ ᠪᠢᠷ ᠲᠤᠤᠷ ᠠ ᠲᠡᠷᠡ ᠨᠢ ᠬᠠᠷᠢᠨ ᠬᠢᠴᠢᠶᠡᠮᠡᠲᠡᠭᠡᠢ ᠰᠢᠨᠵᠢ᠂ ᠠᠯᠳᠠᠭ ᠤᠨᠤᠭ ᠰᠢᠨᠵᠢ᠂ ᠪᠦᠷᠦᠭ ᠪᠠᠷᠤᠭ ᠰᠢᠨᠵᠢ᠂ ᠲᠤᠷ ᠠ ᠶᠢᠨ ᠰᠢᠨᠵᠢ ᠲᠠᠢ ᠪᠤᠯᠤᠭᠰᠠᠨ ᠭᠡᠳᠡᠭ ᠦᠵᠡᠯᠲᠡ ᠵᠢ ᠲᠡᠪᠰᠢᠬᠦᠯᠵᠡᠢ᠃ |
Original Literature |
No Original Paper
|
出自 |
内蒙古社会科学(蒙文版)
2016年
第6期
|