Title |
ᠮᠣᠩᠭ᠋ᠤᠯ ᠬᠡᠯᠡ ᠪᠠ ᠠᠩᠯᠢ ᠬᠡᠯᠡᠨ ᠤ ᠨᠡᠷ ᠠ ᠦᠭᠡ ᠪᠦᠲᠦᠭᠡᠬᠦ ᠲᠠᠭᠠᠪᠣᠷᠢ ᠶᠢᠨ ᠤᠳᠭ ᠠ ᠶᠢᠨ ᠲᠣᠬᠢᠷᠠᠯᠴᠠᠭ᠎ᠠ |
Creator |
ᠵᠣᠣ ᠴᠦᠨ ᠮᠢᠩ |
Keyword |
ᠮᠣᠩᠭ᠋ᠤᠯ ᠬᠡᠯᠡ; ᠠᠩᠯᠢ ᠬᠡᠯᠡ; ᠨᠡᠷ ᠡ ᠦᠭᠡ ᠪᠦᠲᠦᠭᠡᠬᠦ ᠲᠠᠭᠠᠪᠤᠷᠢ; ᠤᠳᠭ ᠠ ᠶᠢᠨ ᠲᠣᠬᠢᠷᠠᠯᠴᠠᠭ᠎ᠠ |
Abstract |
ᠮᠣᠩᠭ᠋ᠤᠯ ᠬᠡᠯᠡ ᠪᠣᠯ ᠨᠢᠭᠡ ᠵᠦᠢᠯ ᠤᠨ ᠵᠠᠯᠭᠠᠮᠠᠯ ᠬᠡᠯᠡ᠂ᠠᠩᠯᠢ ᠬᠡᠯᠡ ᠪᠣᠯ ᠨᠢᠭᠡ ᠵᠦᠢᠯ ᠤᠨ ᠨᠤᠭᠤᠷᠠᠮᠠᠯ ᠬᠡᠯᠡ᠃ ᠮᠣᠩᠭ᠋ᠤᠯ ᠬᠡᠯᠡᠨ ᠳᠤ ᠦᠭᠡ ᠶᠢᠨ ᠦᠨᠳᠦᠰᠦᠨ ᠳᠤ ᠶᠠᠩᠵᠤ ᠪᠦᠷᠢ ᠶᠢᠨ ᠲᠠᠭᠠᠪᠤᠷᠢ ᠵᠠᠯᠭᠠᠵᠤ᠂ ᠦᠭᠡ ᠪᠦᠲᠦᠭᠡᠬᠦ ᠪᠣᠶᠣ ᠦᠭᠡ ᠬᠣᠪᠢᠯᠭᠠᠵᠤ ᠪᠠᠢᠢᠬᠤ ᠳᠤ᠂ ᠠᠩᠯᠢ ᠬᠡᠯᠡᠨ ᠳᠤ ᠬᠠᠷᠢᠨ ᠦᠭᠡ ᠶᠢᠨ ᠡᠮᠦᠨ᠎ᠡ ᠨᠢ ᠤᠭᠳᠤᠪᠤᠷᠢ ᠨᠡᠮᠡᠬᠦ ᠪᠣᠶᠤ ᠦᠨᠳᠦᠰᠦᠨ ᠳᠦᠨᠢ ᠲᠠᠭᠠᠪᠣᠷᠢ ᠵᠠᠯᠭᠠᠬᠤ ᠠᠷᠭ᠋ ᠠ ᠪᠡᠷ ᠦᠭᠡ ᠪᠦᠲᠦᠭᠡᠬᠦ ᠪᠣᠶᠤ ᠬᠣᠪᠢᠯᠭᠠᠵᠤ ᠤᠳᠭ ᠠ ᠵᠢ ᠢᠯᠡᠳᠭᠡᠳᠡᠭ᠃ ᠮᠣᠩᠭ᠋ᠤᠯ ᠬᠡᠯᠡ ᠪᠠ ᠠᠩᠯᠢ ᠬᠡᠯᠡᠨ ᠳᠤ ᠨᠡᠷ ᠡ ᠦᠭᠡ ᠪᠦᠲᠦᠭᠡᠬᠦ ᠲᠠᠭᠠᠪᠤᠷᠢ ᠶᠢᠨ ᠤᠳᠬ ᠠ ᠶᠢᠨ ᠲᠣᠬᠢᠷᠠᠯᠴᠠᠭ᠋ ᠠ ᠵᠢ ᠢᠯᠡᠷᠡᠭᠦᠯᠬᠦ ᠳᠡᠭᠡᠨ ᠨᠡᠷ ᠡ ᠦᠭᠡᠰ ᠡᠴᠡ ᠨᠡᠷ ᠡ ᠡᠭᠦᠰᠭᠡᠬᠦ ᠲᠠᠭᠠᠪᠣᠷᠢ ᠶᠢᠨ ᠤᠳᠭ ᠠ ᠶᠢᠨ ᠲᠣᠬᠢᠷᠠᠯᠴᠠᠭ᠋ ᠠ ᠵᠢ ᠢᠯᠡᠷᠡᠭᠦᠯᠬᠦ ᠡᠴᠡ ᠭᠠᠳᠠᠨ᠌ᠠ ᠲᠡᠮᠳᠡᠭ ᠨᠡᠷ ᠡ᠂ ᠲᠣᠭᠠᠨ ᠤ ᠨᠡᠷ ᠡ᠂ ᠲᠠᠢᠢᠪᠤᠷᠢ ᠦᠭᠡᠨ ᠡᠴᠡ ᠨᠡᠷ ᠡ ᠦᠭᠡ ᠡᠭᠦᠰᠭᠡᠬᠦ ᠦᠭᠡ ᠪᠦᠲᠦᠭᠡᠬᠦ ᠲᠠᠭᠠᠪᠣᠷᠢ ᠶᠢᠨ ᠤᠳᠭ ᠠ ᠶᠢᠨ ᠲᠣᠬᠢᠷᠠᠯᠴᠠᠭ᠋ ᠠ ᠵᠢ ᠢᠯᠡᠷᠡᠭᠦᠯᠳᠡᠭ᠃ |
Original Literature |
View Original Paper
|
出自 |
中国蒙古学
2011年
第6期
|