| Title |
ᠳᠤᠮᠳᠠᠳᠤ ᠤᠯᠤᠰ ᠤᠨ ᠣᠷᠴᠢᠨ ᠦᠶ᠎ᠡ ᠶᠢᠨ ᠤᠳᠬ᠎ᠠ ᠵᠤᠬᠢᠶᠠᠯ ᠤᠨ ᠮᠣᠩᠭᠤᠯ ᠣᠷᠴᠢᠭᠤᠯᠭ᠎ᠠ ᠶᠢᠨ ᠰᠤᠩᠭᠤᠯᠲᠠ ᠪᠠ ᠨᠦᠯᠦᠭᠡ ᠳᠤᠰᠬᠠᠯ |
| Creator |
ᠺᠠᠨ ᠬᠠᠢ ᠶᠢᠩ |
| Keyword |
ᠳᠤᠮᠳᠠᠳᠤ ᠤᠯᠤᠰ ᠤᠨ ᠣᠷᠴᠢᠨ ᠦᠶ᠎ᠡ ᠶᠢᠨ ᠤᠳᠬ᠎ᠠ ᠵᠤᠬᠢᠶᠠᠯ; ᠮᠣᠩᠭᠤᠯ ᠣᠷᠴᠢᠭᠤᠯᠭ᠎ᠠ; ᠰᠤᠩ᠋ᠭᠤᠯᠲᠠ; ᠨᠦᠯᠦᠭᠡ ᠳᠤᠰᠬᠠᠯ |
| Abstract |
ᠮᠣᠩᠭᠤᠯ ᠣᠷᠴᠢᠭᠤᠯᠭ᠎ᠠ ᠶᠢᠨ ᠤᠳᠬ᠎ᠠ ᠵᠤᠬᠢᠶᠠᠯ ᠪᠤᠯ ᠮᠣᠩᠭᠤᠯ ᠬᠢᠲᠠᠳ ᠤᠳᠬ᠎ᠠ ᠵᠤᠬᠢᠶᠠᠯ ᠤᠨ ᠬᠠᠷᠢᠴᠠᠭ᠎ᠠ ᠶᠢ ᠰᠤᠳᠤᠯᠬᠤ ᠵᠠᠭᠤᠴᠢ ᠮᠦᠨ᠂ ᠲᠡᠷᠡ ᠨᠢ ᠮᠣᠩᠭᠤᠯ ᠤᠳᠬ᠎ᠠ ᠵᠤᠬᠢᠶᠠᠯ ᠤᠨ ᠣᠨᠴᠠᠭᠠᠢ ᠮᠦᠷᠲᠡᠭᠡᠨ ᠴᠢᠬᠤᠯᠠ ᠨᠢᠭᠡ ᠪᠦᠷᠢᠯᠳᠦᠭᠦᠨ ᠬᠡᠰᠡᠭ ᠪᠤᠯᠤᠭᠰᠠᠨ ᠪᠠᠢ᠌ᠨ᠎ᠠ᠃ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠤᠤᠯ ᠪᠦᠲᠦᠭᠡᠯ ᠡᠴᠡ ᠲᠤᠰᠭᠠᠷᠯᠠᠭᠰᠠᠨ ᠰᠢᠨ᠎ᠡ ᠪᠦᠲᠦᠭᠡᠯ ᠪᠠᠢ᠌ᠵᠤ᠂ ᠤᠤᠯ ᠪᠦᠲᠦᠭᠡᠯ ᠡᠴᠡ ᠢᠷᠡᠯᠲᠡ ᠲᠡᠢ᠂ ᠭᠡᠪᠡᠴᠦ ᠤᠤᠯ ᠪᠦᠲᠦᠭᠡᠯ ᠪᠢᠰᠢ᠃ ᠡᠢ᠌ᠮᠦ ᠡᠴᠡ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠣᠷᠴᠢᠭᠤᠯᠤᠭᠴᠢ ᠶᠢᠨ ᠮᠡᠳᠡᠷᠡᠳᠡᠭ ᠤᠳᠬ᠎ᠠ ᠵᠤᠬᠢᠶᠠᠯ ᠤᠨ ᠳᠠᠬᠢᠨ ᠪᠦᠲᠦᠭᠡᠬᠦ ᠰᠢᠨᠵᠢ ᠴᠢᠨᠠᠷ ᠲᠠᠢ ᠪᠠᠢ᠋ᠳᠠᠭ᠃ ᠮᠣᠩ᠋ᠭᠤᠯ ᠣᠷᠴᠢᠭᠤᠯᠭ᠎ᠠ ᠶᠢᠨ ᠤᠳᠬ᠎ᠠ ᠵᠤᠬᠢᠶᠠᠯ ᠨᠢ ᠮᠣᠩ᠋ᠭᠤᠯ ᠤᠳᠬ᠎ᠠ ᠵᠤᠬᠢᠶᠠᠯ ᠤᠨ ᠤᠷᠠᠯᠢᠭ᠂ ᠦᠵᠯ ᠰᠠᠨᠠᠭ᠎ᠠ ᠳᠤ ᠠᠭᠤᠰᠤᠨ ᠰᠢᠮᠡᠳᠴᠦ᠂ ᠮᠣᠩ᠋ᠭᠤᠯ ᠵᠤᠬᠢᠶᠠᠯᠴᠢᠳ ᠤᠨ ᠵᠤᠬᠢᠶᠠᠨ ᠪᠦᠲᠦᠭᠡᠯᠭᠡ ᠳᠦ ᠵᠤᠬᠢᠬᠤ ᠨᠦᠯᠦᠭᠡ ᠳᠤᠰᠬᠠᠯ ᠦᠵᠡᠭᠦᠯᠵᠡᠢ᠃ |
| Original Literature |
View Original Paper
|
| 出自 |
内蒙古社会科学(蒙文版)
2011年
第2期
|