Title |
ᠣᠳᠣᠬᠢᠴᠢ ᠦᠵᠡᠯ ᠤᠨ ᠤᠷᠠᠨ ᠵᠣᠬᠢᠶᠠᠯ ᠤᠨ ᠡᠷᠴᠢᠮᠲᠠᠢ ᠳᠡᠯᠭᠡᠷᠡᠭᠦᠯᠦᠭᠰᠡᠨ ᠬᠡᠳᠦᠨ ᠤᠳᠭ ᠠ ᠰᠡᠳᠦᠪ |
Creator |
ᠳᠣᠷᠣᠨᠠᠲ᠋ᠡᠭᠷᠢ |
Keyword |
ᠣᠳᠣᠬᠢᠴᠢ ᠦᠵᠡᠯ; ᠬᠦᠮᠦᠨ ᠤ ᠣᠨᠳᠣᠣᠰᠢᠯ;ᠤᠶᠤᠨ ᠰᠠᠨᠠᠭᠠᠨ ᠤ ᠭᠠᠭᠴᠠᠭᠠᠷᠳᠠᠯ |
Abstract |
ᠲᠤᠰ ᠦᠭᠦᠯᠡᠯ ᠳᠤ 20 ᠳ᠋ᠤᠭᠠᠷ ᠵᠠᠭᠤᠨ ᠤ ᠨᠠᠶᠠ᠂ ᠶᠡᠷᠡᠭᠡᠳ ᠣᠨ ᠤ ᠦᠪᠦᠷ ᠮᠣᠩᠭ᠋ᠤᠯ ᠣᠳᠣᠬᠢᠴᠢ ᠦᠵᠡᠯ ᠤᠨ ᠤᠷᠠᠨ ᠵᠣᠬᠢᠶᠠᠯ ᠤᠨ ᠡᠷᠴᠢᠮᠲᠠᠢ ᠳᠡᠯᠭᠡᠷᠡᠭᠦᠯᠦᠭᠰᠡᠨ ᠬᠡᠳᠦᠨ ᠤᠳᠭ ᠠ ᠰᠡᠳᠦᠪ ᠢ ᠰᠢᠨᠵᠢᠯᠡᠵᠡᠢ᠃ ᠬᠦᠮᠦᠨ ᠤ ᠣᠨᠳᠣᠣᠰᠢᠯ᠂ ᠤᠶᠤᠨ ᠰᠠᠨᠠᠭᠠᠨ ᠤ ᠭᠠᠭᠴᠠᠭᠠᠷᠳᠠᠯ ᠨᠢ ᠣᠳᠣᠬᠢᠴᠢ ᠦᠵᠡᠯ ᠤᠨ ᠵᠣᠬᠢᠶᠠᠯᠴᠢᠳ ᠤᠨ ᠤᠷᠮᠠᠲᠠᠢ ᠳᠦᠰᠦᠯᠡᠭᠰᠡᠨ ᠤᠳᠭ ᠠ ᠰᠡᠳᠦᠪ ᠪᠠᠶᠢᠭᠰᠠᠨ ᠲᠡᠳᠦᠢ ᠦᠭᠡᠢ᠂ ᠲᠡᠳᠡᠭᠡᠷ ᠤᠳᠭ ᠠ ᠰᠡᠳᠦᠪ ᠢ ᠦᠨᠳᠦᠰᠦᠲᠡᠨ ᠤ ᠬᠡᠯᠪᠡᠷᠢ ᠪᠡᠷ ᠢᠯᠡᠳᠭᠡᠵᠦ ᠪᠠᠶᠢᠪᠠ᠃ ᠣᠳᠣᠬᠢᠴᠢ ᠦᠵᠡᠯ ᠤᠨ ᠤᠷᠠᠨ ᠵᠣᠬᠢᠶᠠᠯ ᠨᠢ ᠡᠳᠦᠭᠡᠬᠢ ᠳᠡᠯᠡᠬᠡᠢ ᠵᠢᠨ ᠤᠯᠤᠰ ᠲᠦᠷᠦ᠂ ᠠᠵᠤ ᠠᠬᠤᠢ᠂ ᠰᠣᠤᠶᠯ ᠤᠨ ᠲᠣᠭᠲᠠᠯᠴᠠᠭᠠᠨ ᠳᠤᠮᠳᠠᠬᠢ ᠦᠪᠦᠷ ᠮᠣᠩᠭ᠋ᠤᠯ ᠳᠤ ᠨᠡᠶᠢᠭᠡᠮ ᠤᠨ ᠣᠳᠣᠬᠢᠴᠢᠯᠠᠯᠲᠠ ᠵᠢ ᠬᠡᠷᠬᠢᠨ ᠪᠡᠶᠡᠯᠡᠭᠦᠯᠬᠦ ᠲᠣᠮᠤᠬᠠᠨ ᠰᠡᠳᠦᠪ ᠢ ᠤᠷᠠᠨ ᠵᠣᠬᠢᠶᠠᠯ ᠤᠨ ᠬᠡᠯᠪᠡᠷᠢ ᠪᠡᠷ ᠳᠤᠷᠠᠳᠤᠭᠰᠠᠨ ᠵᠢᠡᠷ ᠨᠡᠩ ᠦᠨ᠌ ᠡ ᠴᠡᠠ᠌ ᠠ ᠲᠠᠢ ᠨᠡᠶᠢᠭᠡᠮ ᠤᠨ ᠲᠸᠺᠰᠲ ᠪᠣᠯᠤᠭᠰᠠᠨ ᠪᠠᠶᠢᠳᠠᠭ᠃ |
Original Literature |
View Original Paper
|
出自 |
内蒙古民族大学学报(社会科学)
2005年
第1期
|