Title |
《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠪᠦᠲᠦᠭᠡᠯ ᠦᠨ ᠲᠧᠺᠰᠲ᠋ ᠲᠤ ᠬᠤᠯᠪᠤᠭᠳᠠᠬᠤ ᠵᠠᠷᠢᠮ ᠠᠰᠠᠭᠤᠳᠠᠯ |
Creator |
ᠴᠡᠯᠡᠭᠡᠷ |
Keyword |
ᠣᠢᠷᠠᠳ ᠤᠨ ᠤᠷᠠᠨ ᠵᠤᠬᠢᠶᠠᠯ; 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》; ᠲᠧᠺᠰᠲ; ᠬᠤᠪᠢᠯᠪᠤᠷᠢ |
Abstract |
《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠪᠦᠲᠦᠭᠡᠯ ᠳᠦ ᠬᠤᠯᠪᠤᠭᠳᠠᠬᠤ ᠲᠧᠺᠰᠲ ᠤᠨ ᠨᠡᠢᠲᠡᠯᠡᠯ᠂ ᠡᠷᠳᠡᠮ ᠰᠢᠨᠵᠢᠯᠡᠭᠡᠨ ᠳᠦ ᠠᠰᠢᠭᠯᠠᠭᠰᠠᠨ ᠪᠠᠢᠳᠠᠯ᠂ ᠲᠡᠮᠳᠭᠯᠡᠯ ᠪᠠᠭᠤᠯᠭᠠᠯᠲᠠ ᠵᠢᠴᠢ ᠲᠡᠭᠦᠨ ᠦ ᠰᠤᠳᠤᠯᠭᠠᠨ ᠠᠴᠠ ᠬᠠᠷᠠᠪᠠᠯ᠂ ᠠᠳᠠᠯᠢ ᠪᠤᠰᠤ ᠠᠭᠤᠯᠭ᠎ᠠ ᠲᠠᠢ 7 ᠵᠤᠢᠯ ᠤᠨ ᠬᠤᠪᠢᠯᠪᠤᠷᠢ ᠶᠢ 18 ᠵᠤᠢᠯ ᠤᠨ ᠭᠠᠷᠴᠠᠭ ᠢᠶᠠᠷ ᠭᠠᠷᠴᠠᠭᠯᠠᠵᠤ ᠬᠡᠪᠯᠡᠭᠰᠡᠨ ᠦᠵᠡᠭᠳᠡᠯ ᠣᠷᠤᠰᠢᠬᠤ ᠪᠦᠭᠡᠳ ᠭᠠᠭᠴᠠ 《ᠳᠦᠷᠪᠡᠨ ᠣᠢᠷᠠᠳ ᠤᠨ ᠡᠪᠳᠡᠷᠡᠯᠴᠡᠭᠰᠡᠨ ᠨᠢ》 ᠭᠡᠬᠦ ᠲᠧᠺᠰᠲ ᠢ ᠯᠡ ᠡᠷᠳᠡᠮᠲᠡᠳ ᠢᠳᠡᠪᠬᠢᠲᠡᠢ ᠬᠡᠷᠡᠭᠯᠡᠵᠦ᠂ ᠪᠤᠰᠤᠳ ᠲᠧᠺᠰᠲ ᠢ ᠳᠡᠮᠡᠢ ᠠᠩᠬᠠᠷᠤᠭᠰᠠᠨ ᠦᠭᠡᠢ ᠪᠠᠢᠨ᠎ᠠ᠃ ᠶᠡᠷᠦ ᠨᠢ ᠣᠯᠠᠨ ᠬᠤᠪᠢᠯᠪᠤᠷᠢ ᠲᠠᠢ ᠪᠦᠲᠦᠭᠡᠯ ᠡᠴᠡ ᠵᠦᠪᠬᠡᠨ ᠨᠢᠭᠡ ᠬᠤᠪᠢᠯᠪᠤᠷᠢ ᠶᠢ ᠯᠡ ᠰᠤᠩᠭᠤᠨ ᠰᠤᠳᠤᠯᠬᠤ ᠨᠢ ᠵᠤᠬᠢᠰ ᠦᠭᠡᠢ᠂ ᠬᠠᠷᠢᠨ ᠪᠦᠬᠦ ᠬᠤᠪᠢᠯᠪᠤᠷᠢ ᠶᠢ ᠨᠢ ᠬᠤᠷᠸᠠᠴᠢ ᠲᠠᠯ᠎ᠠ ᠪᠠᠷ ᠰᠤᠳᠤᠯᠬᠤ ᠴᠢᠬᠤᠯᠠ ᠲᠠᠢ ᠶᠤᠮ᠃ ᠳᠠᠷᠤᠢ ᠲᠧᠺᠰᠲ ᠢ ᠪᠦᠬᠦ ᠲᠠᠯ᠎ᠠ ᠪᠠᠷ ᠣᠢᠯᠠᠭᠠᠬᠤ ᠦᠭᠡᠢ ᠪᠡᠷ ᠶᠠᠮᠠᠷ ᠨᠢᠭᠡᠨ ᠲᠧᠺᠰᠲ ᠢᠶᠡᠷ ᠭᠤᠤᠯ ᠪᠤᠯᠭᠠᠨ ᠰᠤᠳᠤᠯᠭᠠᠨ ᠬᠢᠬᠦ ᠨᠢ ᠦᠷᠦᠭᠡᠰᠦᠯ ᠮᠦᠷᠲᠡᠭᠡᠨ ᠨᠡᠢᠲᠡᠪᠦᠷᠢ ᠦᠭᠡᠢ ᠳ᠋ᠦᠩᠨᠡᠯᠲᠡ ᠶᠢ ᠪᠤᠢ ᠪᠤᠯᠭᠠᠳᠠᠭ᠃ |
Original Literature |
View Original Paper
|
出自 |
中国蒙古学
2015年
第2期
|