Abstract |
《ᠬᠡᠯᠡᠨ ᠦ ᠮᠡᠳᠡᠷᠡᠮᠵᠢ》᠋ ᠶᠢ ᠬᠦᠮᠦᠵᠢᠭᠦᠯᠬᠦ ᠲᠤᠬᠠᠢ ᠬᠤᠶᠠᠷ ᠮᠢᠩ᠋ᠭᠠᠨ ᠤᠨ ᠳᠤ ᠨᠡᠶᠢᠲᠡᠯᠡᠭᠰᠡᠨ ᠮᠣᠩᠭᠣᠯ ᠬᠡᠯᠡ ᠪᠢᠴᠢᠭ᠌ ᠦᠨ ᠵᠢᠭᠠᠬᠤ ᠫᠷᠤ᠍᠋ᠭ᠍ᠷᠠᠮᠪᠠ ᠬᠤᠶᠠᠷ ᠮᠢᠩ᠋ᠭ᠎ᠠ ᠲᠠᠪᠤᠨ ᠤᠨ ᠳᠤ ᠨᠡᠶᠢᠲᠡᠯᠡᠭᠰᠡᠨ ᠬᠢᠴᠢᠶᠡᠯ ᠦᠨ ᠪᠠᠷᠢᠮᠵᠢᠶ᠎ᠠ ᠳᠤ ᠴᠦᠮ ᠴᠢᠬᠤᠯᠠ ᠨᠢᠭᠡᠨ ᠠᠭᠤᠯᠭ᠎ᠠ ᠪᠤᠯᠭᠠᠨ ᠳᠤᠷᠠᠳᠴᠠᠢ᠃ ᠭᠡᠪᠡᠴᠦ ᠮᠣᠩᠭᠣᠯ ᠬᠡᠯᠡ ᠪᠢᠴᠢᠭ᠌ ᠦᠨ ᠪᠠᠭᠰᠢ ᠨᠠᠷ ᠡᠨᠡ ᠲᠤᠬᠠᠢ ᠬᠠᠷᠬᠠᠨ ᠤᠶᠢᠯᠠᠭᠠᠯᠲᠠ ᠮᠠᠭᠤᠲᠠᠢ ᠪᠠᠶᠢᠭᠰᠠᠭᠠᠷ᠃ ᠡᠨᠡ ᠪᠠᠶᠢᠳᠠᠯ ᠳᠤ ᠴᠢᠭᠯᠡᠭᠦᠯᠦᠨ ᠲᠤᠰ ᠦᠭᠦᠯᠡᠯ ᠳᠦ 《ᠬᠡᠯᠡᠨ ᠦ ᠮᠡᠳᠡᠷᠡᠮᠵᠢ》᠋ ᠶᠢᠨ ᠲᠤᠬᠠᠢ ᠡᠷᠳᠡᠮᠲᠡᠳ ᠦᠨ ᠲᠠᠶᠢᠯᠪᠤᠷᠢ ᠦᠭᠦᠯᠡᠮᠵᠢ ᠶᠢ ᠬᠤᠷᠢᠶᠠᠨ ᠳ᠋ᠦᠩᠨᠡᠵᠦ ᠰᠢᠨᠵᠢᠯᠡᠨ ᠲᠤᠳᠤᠷᠠᠭᠤᠯᠪᠠ᠃ ᠬᠢᠲᠠᠳ ᠬᠡᠯᠡ ᠪᠢᠴᠢᠭ᠌ ᠪᠡ ᠮᠣᠩᠭᠣᠯ ᠬᠡᠯᠡ ᠪᠢᠴᠢᠭ᠌ ᠦᠨ ᠵᠢᠭᠠᠨ ᠰᠤᠷᠭᠠᠯᠲᠠ ᠳᠤ 《ᠬᠡᠯᠡᠨ ᠦ ᠮᠡᠳᠡᠷᠡᠮᠵᠢ》᠋ ᠶᠢᠨ ᠬᠦᠮᠦᠵᠢᠯ ᠪᠤᠯᠪᠠᠰᠤᠷᠠᠯ ᠢ ᠬᠡᠷᠬᠢᠨ ᠬᠢᠵᠦ ᠪᠠᠶᠢᠭᠰᠠᠨ ᠪᠠ ᠶᠠᠮᠠᠷ ᠬᠢᠲᠠᠳ ᠬᠡᠯᠪᠡᠷᠢᠯ ᠤᠷᠤᠰᠢᠵᠤ ᠪᠠᠶᠢᠭᠰᠠᠨ ᠲᠤᠬᠠᠢ ᠬᠠᠷᠢᠴᠠᠭᠤᠯᠤᠨ ᠰᠤᠳᠤᠯᠤᠭᠰᠠᠨ ᠰᠠᠭᠤᠷᠢ ᠳᠡᠭᠡᠷ᠎ᠡ ᠮᠣᠩᠭᠣᠯ ᠬᠡᠯᠡ ᠪᠢᠴᠢᠭ᠌ ᠦᠨ ᠵᠢᠭᠠᠨ ᠰᠤᠷᠭᠠᠯᠲᠠ ᠳᠤ ᠠᠰᠢᠭᠯᠠᠵᠤ ᠬᠡᠷᠡᠭᠯᠡᠭᠦᠰᠢᠲᠡᠢ ᠠᠷᠭ᠎ᠠ ᠪᠠᠷᠢᠯ ᠢ ᠬᠠᠶᠢᠨ ᠰᠢᠨᠵᠢᠯᠡᠪᠡ᠃ |