Title |
ᠨᠡᠭᠦᠳᠡᠯ ᠰᠤᠶᠤᠯ ᠤᠨ ᠬᠦᠭ᠍ᠵᠢᠯ ᠤᠨ ᠬᠠᠨᠳᠦᠰᠢ ᠶᠢᠨ ᠲᠤᠬᠠᠢ ᠰᠦᠪᠡᠭ᠍ᠴᠢᠯᠡᠯ — ᠤᠷᠴᠢᠨ ᠲᠤᠭᠤᠷᠢᠨ ᠦ ᠬᠢᠮᠦᠷᠡᠯ ᠬᠢᠭᠡᠳ ᠨᠡᠭᠦᠳᠡᠯ ᠰᠤᠶᠤᠯ ᠤᠨ ᠬᠢᠮᠦᠷᠠᠯ |
Creator |
ᠡᠰᠡᠷᠮᠡᠨᠳᠤ |
Keyword |
ᠤᠷᠴᠢᠨ ᠲᠤᠭᠤᠷᠢᠨ; ᠨᠡᠭᠦᠳᠡᠯ ᠰᠤᠶᠤᠯ ; ᠬᠢᠮᠦᠷᠠᠯ |
Abstract |
ᠨᠡᠭᠦᠳᠡᠯ ᠮᠠᠯᠵᠢᠯ ᠤᠨ ᠨᠡᠢ᠌ᠭᠡᠮ ᠨᠢ ᠨᠢᠭᠡ ᠲᠠᠯ ᠠ ᠪᠠᠷ ᠬᠤᠷᠢᠭᠯᠠᠬᠤ ᠶᠢᠨ ᠠᠷᠭ᠎ᠠ ᠦᠭᠡᠢ ᠮᠦᠷᠳᠡᠭᠡᠨ ᠦᠬᠡᠢ᠌ᠰᠬᠡᠬᠦ ᠶᠢᠨ ᠴᠤ ᠠᠷᠭ᠎ᠠ ᠦᠬᠡᠢ ᠡᠨᠡ ᠬᠦ ᠳᠡᠯᠡᠬᠡᠢ ᠶᠢᠨ ᠪᠦᠮᠪᠦᠷᠴᠡᠭ ᠤᠨ ᠴᠢᠨᠠᠷᠲᠠᠢ ᠲᠦᠯᠬᠢᠨ ᠤᠷᠤᠰᠬᠠᠯ ᠳᠤ ᠬᠤᠮᠢᠭᠳᠠᠨ ᠤᠷᠤᠵᠤ ᠪᠠᠢ᠌ᠬᠤ ᠶᠢᠨ ᠬᠠᠮᠲᠤ ᠨᠦᠭᠦᠬᠡ ᠲᠠᠯ ᠠ ᠪᠠᠷ ᠪᠠᠢ᠌ᠭᠠᠯᠢ ᠶᠢᠨ ᠤᠷᠴᠢᠨ ᠲᠤᠭᠤᠷᠢᠨ ᠦ ᠮᠠᠭᠤᠳᠠᠯ ᠲᠠᠢ ᠨᠢᠭᠤᠷᠯᠠᠵᠤ ᠪᠠᠢ᠌ᠨ᠎ᠠ᠃ ᠨᠡᠭᠦᠳᠡᠯ ᠮᠠᠯᠵᠢᠯ ᠤᠨ ᠨᠠᠢ᠌ᠭᠡᠮ ᠴᠤᠬᠤᠮ ᠬᠠᠮᠢᠭᠠᠰᠢ ᠶᠠᠪᠤᠬᠤ ᠪᠤᠢ? ᠳᠤᠰ ᠰᠢᠷᠢᠰ ᠦᠭᠦᠯᠡᠯ ᠳᠤ ᠭᠤᠤᠯᠲᠠᠬᠤ ᠳᠡᠯᠡᠬᠡᠢ ᠶᠢᠨ ᠬᠢᠭᠡᠳ ᠤᠷᠤᠨ ᠨᠤᠳᠤᠭ ᠤᠨ ᠬᠡᠭᠦ ᠠᠳᠠᠯᠢ ᠪᠤᠰᠤ ᠬᠤᠶᠠᠷ ᠬᠠᠷᠠᠭᠠᠰᠤ ᠡᠴᠡ ᠪᠠᠢ᠌ᠭᠠᠯᠢ ᠶᠢᠨ ᠪᠠ ᠨᠡᠢ᠌ᠭᠡᠮ ᠤᠨ ᠬᠤᠶᠠᠷ ᠲᠠᠯ ᠠ ᠶᠢᠨ ᠡᠯᠸᠮᠸᠨ᠋ᠲ ᠤᠨ ᠦᠢᠯᠡᠳᠦᠯᠴᠡᠭᠡ ᠪᠠ ᠰᠤᠯᠢᠯᠴᠠᠭᠠᠨ ᠦ ᠶᠠᠪᠤᠴᠠ ᠡᠴᠡ ᠰᠢᠯᠳᠠᠭᠠᠨ ᠦᠷ ᠡ ᠳ᠋ᠦᠩ ᠤᠨ ᠬᠡᠯᠬᠢᠶᠡᠰᠦ ᠳᠤ ᠲᠦᠪᠯᠡᠷᠡᠯ ᠤᠨ ᠴᠡᠭ ᠶᠢᠨᠨ ᠤᠨᠤᠭᠠᠵᠤ᠂ ᠰᠢᠨᠵᠢᠯᠡᠵᠦ ᠰᠦᠪᠡᠭ᠍ᠴᠢᠯᠡᠬᠦ ᠶᠢ ᠵᠤᠷᠢᠪᠠ᠃ 《ᠤᠷᠴᠢᠨ ᠲᠤᠭᠤᠷᠢᠨ ᠦ ᠬᠢᠮᠦᠷᠡᠯ ᠬᠢᠭᠡᠳ ᠨᠡᠭᠦᠳᠡᠯ ᠰᠤᠶᠤᠯ ᠤᠨ ᠬᠢᠮᠦᠷᠠᠯ》 ᠬᠡᠭᠦ ᠳᠤᠰ ᠦᠭᠦᠯᠡᠯ ᠳᠤ ᠪᠠᠢ᠌ᠭᠠᠯᠢ᠂ ᠨᠠᠢ᠌ᠭᠡᠮ᠂ ᠬᠦᠮᠦᠨ ᠭᠤᠷᠮᠤᠰᠤᠨ ᠴᠤᠭᠴᠠ ᠶᠢᠨ ᠡᠭᠦᠳᠡᠨ ᠡᠴᠡ ᠨᠡᠭᠦᠳᠡᠯ ᠮᠠᠯᠵᠢᠯ ᠤᠨ ᠨᠡᠢ᠌ᠭᠡᠮ ᠳᠤ ᠲᠤᠯᠭᠠᠷᠠᠵᠤ ᠪᠠᠢ᠌ᠭ᠎ᠠ ᠠᠰᠠᠭᠤᠳᠠᠯ ᠪᠠ ᠳᠡᠭᠦᠨ ᠦ ᠦᠷ ᠡ ᠨᠦᠯᠦᠭᠡ ᠵᠢᠴᠢ ᠨᠡᠭᠦᠳᠡᠯ ᠮᠠᠯᠵᠢᠯ ᠤᠨ ᠨᠡᠢ᠌ᠭᠡᠮ ᠤᠨ ᠢᠷᠡᠭᠡᠳᠦᠢ ᠳᠤ ᠬᠠᠨᠳᠤᠭᠰᠠᠨ ᠰᠤᠩᠭ᠋ᠤᠯᠲᠠ ᠶᠢᠨ ᠲᠤᠬᠠᠢ ᠨᠡᠢ᠌ᠭᠡᠮ ᠵᠦᠢ ᠶᠢᠨ ᠬᠠᠷᠠᠭᠠᠰᠤ ᠡᠴᠡ ᠰᠢᠭᠦᠮᠵᠢᠯᠡᠨ ᠦᠭᠦᠯᠡᠬᠦ ᠪᠤᠯᠤᠨ᠎ᠠ᠃ |
Original Literature |
View Original Paper
|
出自 |
内蒙古师范大学学报
2008年
第1期
|