Title |
ᠦ᠂ ᠨᠠᠷᠠᠨᠪᠠᠲᠤ ᠮᠠᠶᠢᠭ ᠤᠨ ᠠᠬᠢᠭᠤᠯᠤᠨ ᠬᠤᠯᠪᠤᠭᠰᠠᠨ ᠦᠭᠦᠯᠡᠪᠦᠷᠢ ᠬᠢᠭᠡᠳ ᠲᠡᠭᠦᠨ ᠦ ᠡᠷᠳᠡᠮ ᠰᠢᠨᠵᠢᠯᠡᠭᠡᠨ ᠦ ᠵᠤᠬᠢᠶᠠᠯ ᠤᠨ ᠬᠡᠯᠡᠨ ᠦ ᠨᠠᠮᠪᠠ (ᠨᠢᠭᠡ) |
Creator |
ᠳᠡᠯᠭᠡᠷ |
Keyword |
ᠰᠢᠨᠵᠢᠯᠡᠬᠦ ᠤᠬᠠᠭᠠᠨ ᠤ ᠬᠡᠯᠡ ᠵᠠᠨᠠᠷ ᠤᠨ ᠨᠠᠮᠪᠠ; ᠦ᠂ ᠨᠠᠷᠠᠨᠪᠠᠲᠤ ᠶᠢᠨ ᠬᠡᠯᠡᠨ ᠦ ᠨᠠᠮᠪᠠ; ᠠᠬᠢᠭᠤᠯᠤᠨ ᠬᠤᠯᠪᠤᠭᠰᠠᠨ ᠦᠭᠦᠯᠡᠪᠦᠷᠢ |
Abstract |
ᠦ᠂ ᠨᠠᠷᠠᠨᠪᠠᠲᠤ ᠶᠢᠨ ᠡᠷᠳᠡᠮ ᠰᠢᠨᠵᠢᠯᠡᠭᠡᠨ ᠦ ᠵᠤᠬᠢᠶᠠᠯ ᠤᠨ ᠬᠡᠯᠡᠨ ᠦ ᠨᠠᠮᠪᠠ ᠶᠢᠨ ᠠᠰᠠᠭᠤᠳᠠᠯ ᠪᠤᠯ ᠰᠢᠨᠵᠢᠯᠡᠬᠦ ᠤᠬᠠᠭᠠᠨ ᠤ ᠬᠡᠯᠡ ᠵᠠᠨᠠᠷ ᠪᠠ ᠲᠡᠭᠦᠨ ᠦ ᠨᠠᠮᠪᠠ᠂ ᠲᠤᠰ ᠬᠡᠯᠡ ᠵᠠᠨᠠᠷ ᠤᠨ ᠨᠠᠮᠪᠠ ᠶᠢᠨ ᠬᠦᠷᠢᠶᠡᠨ ᠳᠡᠬᠢ ᠬᠤᠪᠢ ᠬᠦᠮᠦᠨ ᠦ ᠬᠡᠯᠡᠨ ᠦ ᠨᠠᠮᠪᠠ ᠵᠢᠴᠢ ᠬᠤᠪᠢ ᠬᠦᠮᠦᠨ ᠦ ᠬᠡᠯᠡᠨ ᠦ ᠨᠠᠮᠪᠠ ᠶᠢᠨ ᠣᠨᠴᠠᠯᠢᠭ ᠰᠢᠰᠲ᠋ᠧᠮ ᠦᠨ ᠪᠦᠷᠢᠯᠳᠦᠯ ᠴᠤᠭᠴᠠᠵᠢᠯ ᠵᠡᠷᠭᠡ ᠣᠯᠠᠨ ᠳᠡᠭᠲᠡᠷ ᠠᠭᠤᠯᠭ᠎ᠠ ᠲᠠᠢ ᠬᠤᠯᠪᠤᠭᠳᠠᠭᠰᠠᠨ ᠲᠤᠮᠤᠬᠠᠨ ᠰᠡᠳᠦᠪ ᠶᠤᠮ᠃ ᠦᠭᠦᠯᠡᠯ ᠳᠦ ᠲᠡᠷᠡ ᠣᠯᠠᠨ ᠲᠠᠯ᠎ᠠ ᠶᠢ ᠪᠤᠯᠲᠤ ᠪᠠᠷ ᠨᠢ ᠬᠦᠨᠳᠡᠬᠦ ᠪᠢᠰᠢ᠂ ᠵᠦᠪᠬᠡᠨ ᠲᠤᠰ ᠰᠤᠳᠤᠯᠤᠭᠴᠢ ᠶᠢᠨ ᠬᠡᠯᠡᠨ ᠳᠦ ᠦᠪᠡᠷ ᠦᠨ ᠬᠡᠮᠡᠷ ᠲᠤᠭᠠᠴᠢᠨ ᠦᠭᠦᠯᠡᠬᠦ ᠦᠭᠦᠯᠡᠪᠦᠷᠢ ᠶᠢᠨ ᠬᠡᠯᠪᠡᠷᠢ ᠪᠦᠷᠢᠯᠳᠦᠵᠦ ᠪᠠᠢ᠌ᠭ᠎ᠠ᠂ ᠡᠢ᠌ᠮᠦ ᠦᠪᠡᠷᠮᠢᠴᠡ ᠮᠠᠶᠢᠭ ᠤᠨ ᠦᠭᠦᠯᠡᠪᠦᠷᠢ ᠶᠢᠨ ᠬᠡᠯᠪᠡᠷᠢ ᠨᠢ ᠲᠡᠭᠦᠨ ᠦ ᠨᠢᠭᠲᠠ ᠴᠢᠩ᠋ᠭ᠎ᠠ ᠬᠡᠯᠡᠨ ᠦ ᠨᠠᠮᠪᠠ ᠶᠢᠨ ᠪᠦᠷᠢᠯᠳᠦᠯ ᠳᠦ ᠨᠢᠭᠡ ᠮᠦᠷᠦᠨ ᠦ ᠬᠦᠴᠦ ᠦᠭᠴᠦ ᠪᠠᠢ᠌ᠭ᠎ᠠ ᠤᠴᠢᠷ ᠲᠤᠬᠠᠢ ᠶᠢ ᠦᠭᠦᠯᠡᠬᠦ ᠪᠡᠷ ᠪᠤᠢ᠃ |
Original Literature |
View Original Paper
|
出自 |
中国蒙古学
2014年
第1期
|