Abstract |
ᠪᠣᠷᠬᠠᠨ ᠤ ᠰᠣᠳᠣᠷ ᠭᠡᠵᠦ ᠪᠣᠷᠬᠠᠨ ᠱᠠᠰᠢᠨ ᠤ ᠨᠣᠮᠯᠠᠯ ᠰᠤᠷᠭᠠᠯ ᠢ ᠤᠬᠠᠭᠤᠯᠤᠨ ᠲᠠᠢᠯᠪᠤᠷᠢᠯᠠᠭᠰᠠᠨ ᠨᠣᠮ ᠵᠣᠬᠢᠶᠠᠯ ᠢ ᠬᠡᠯᠡᠵᠦ ᠪᠠᠢᠳᠠᠭ᠃ ᠪᠡᠷᠬᠠᠨ ᠱᠠᠰᠢᠨ ᠤ ᠡᠭᠦᠰᠦᠭᠰᠡᠨ ᠭᠤᠯᠤᠮᠳᠠ- ᠡᠷᠲᠡᠡ ᠤᠡᠨᠡᠳᠭᠡᠭ ᠲᠤ ᠪᠣᠷᠬᠠᠨ ᠤ ᠰᠣᠳᠤᠷ ᠢ 《ᠲᠷᠢᠫᠢᠲ᠋ᠠᠺᠠ》ᠪᠤᠶᠤ ᠭᠤᠷᠪᠠ ᠨᠠᠢᠮᠠᠭ ᠰᠠᠪᠠ ᠶᠢᠨ ᠨᠣᠮ ᠭᠡᠵᠦ ᠨᠡᠷᠡᠯᠡᠳᠡᠭ᠃ ᠲᠤᠪᠡᠳᠴᠦᠳ ᠨᠠᠢᠮᠠ ᠶᠢᠰᠦᠳᠦᠭᠡᠷ ᠵᠠᠭᠤᠨ ᠤ ᠦᠶ ᠡ ᠡᠴᠡ ᠪᠣᠷᠬᠠᠨ ᠱᠠᠰᠢᠨ ᠤ ᠨᠣᠮ ᠵᠣᠬᠢᠶᠠᠯ ᠢ ᠡᠷᠲᠡᠨ ᠤ ᠡᠨᠡᠳᠭᠡᠭ᠂ ᠬᠢᠲᠠᠳ ᠬᠡᠯᠡ ᠵᠡᠷᠭᠡ ᠡᠴᠡ ᠣᠷᠴᠢᠭᠤᠯᠤᠨ ᠡᠬᠢᠯᠡᠵᠦ᠂ 14 ᠳ᠋ᠤᠭᠡᠷ ᠵᠠᠭᠤᠨ ᠤ ᠡᠬᠢᠨ ᠤ ᠦᠶ ᠡ ᠬᠦᠩᠭᠠᠳᠤᠷᠵᠢ᠂ ᠪᠦᠲᠦᠨ ᠷᠢᠨᠴᠢᠨᠳᠦᠪ ᠲᠡᠷᠢᠬᠦᠲᠡᠨ ᠱᠠᠰᠢᠨ ᠤ ᠰᠡᠭᠡᠭᠡᠲᠡᠨ ᠨᠣᠭᠦᠳ ᠪᠣᠷᠬᠠᠨ ᠱᠠᠰᠢᠨ ᠤ ᠨᠣᠮ ᠵᠣᠬᠢᠶᠠᠯ ᠢ 《ᠭᠠᠨᠵᠤᠤᠷ》(《ᠵᠠᠷᠯᠢᠭ ᠤᠨ ᠤᠷᠴᠢᠭᠤᠯᠭ᠎ᠠ》ᠭᠡᠬᠦ ᠤᠳᠬ ᠠ ᠲᠠᠢ ᠲᠦᠪᠡᠳ ᠦᠭᠡ)᠂《ᠳ᠋ᠠᠨᠵᠤᠤᠷ》(《ᠽᠠᠰᠲᠢᠷ ᠤᠨ ᠣᠷᠴᠢᠭᠤᠯᠭ᠎ᠠ》ᠭᠡᠬᠦ ᠤᠳᠬ ᠠ ᠲᠠᠢ ᠲᠦᠪᠡᠳ ᠦᠭᠡ ) ᠭᠡᠰᠡᠨ ᠬᠤᠶᠠᠷ ᠲᠤᠮ ᠤᠴᠣᠮᠤᠷᠯᠢᠭ ᠪᠣᠯᠭᠠᠨ ᠡᠮᠬᠢᠳᠭᠡᠨ ᠭᠠᠷᠭᠠᠵᠠᠢ᠃ |