Paper Information


Title ᠮᠤᠩᠭ᠋ᠤᠯ ᠰᠡᠭᠡᠭᠡᠳᠡᠳ ᠤᠨ ᠪᠤᠬᠢᠨᠢᠳᠤᠯ ᠎—— ᠶᠡᠷᠡᠭᠡᠳ ᠤᠨ ᠤ ᠮᠤᠩᠭ᠋ᠤᠯ ᠲᠤᠭᠤᠵᠢ ᠦᠭᠦᠯᠡᠯᠭᠡ ᠶᠢᠨ ᠲᠤᠬᠠᠢ
Creator ᠰᠠᠷᠠᠨ᠎ᠠ
Keyword ᠰᠡᠭᠦᠷᠡᠰᠦ; ᠨᠢᠯᠪᠤᠰᠤ; ᠪᠤᠬᠢᠨᠢᠳᠤᠯ; ᠵᠤᠪᠠᠯ; ᠤᠷᠤᠰᠢᠨ ᠠᠮᠢᠳᠤᠷᠠᠬᠤ ᠤᠷᠴᠢᠨ ᠠᠬᠤᠢ; ᠪᠦᠳᠦᠭᠦᠯᠢᠭ᠌ ᠬᠤᠴᠤᠷᠤᠩᠭ᠋ᠤᠢ ᠪᠠ ᠴᠠᠭ ᠦᠶ᠎ᠡ
Abstract ᠬᠤᠷᠢᠳᠤᠭᠠᠷ ᠵᠠᠭᠤᠨ ᠤ ᠶᠡᠷᠡᠭᠡᠳ ᠤᠨ ᠤ ᠮᠤᠩᠭ᠋ᠤᠯ ᠲᠤᠭᠤᠵᠢ ᠦᠭᠦᠯᠡᠯᠭᠡ ᠶᠢ ᠤᠳᠬ᠎ᠠ ᠰᠡᠳᠦᠪ ᠤᠨ ᠲᠠᠯ᠎ᠠ ᠡᠴᠡ ᠨᠢ ᠠᠪᠴᠤ ᠦᠵᠡᠬᠦ ᠳᠤ᠂ ᠨᠠᠶᠠᠭᠠᠳ ᠤᠨ ᠤ ᠮᠤᠩᠭ᠋ᠤᠯ ᠲᠤᠭᠤᠵᠢ ᠦᠭᠦᠯᠡᠯᠭᠡ ᠶᠢ ᠤᠳᠬ᠎ᠠ ᠰᠡᠳᠦᠪ ᠤᠨ ᠲᠠᠯ᠎ᠠ ᠡᠴᠡ ᠨᠢ ᠠᠪᠴᠤ ᠦᠵᠡᠬᠦ ᠳᠤ᠂ ᠨᠠᠶᠠᠭᠠᠳ ᠤᠨ ᠤ ᠮᠤᠩᠭ᠋ᠤᠯ ᠲᠤᠭᠤᠵᠢ ᠦᠭᠦᠯᠡᠯᠭᠡ ᠲᠠᠢ ᠨᠡᠯᠢᠶᠡᠳ ᠠᠳᠠᠯᠢ ᠦᠭᠡᠢ ᠮᠦᠷᠳᠡᠭᠡᠨ ᠠᠳᠠᠯᠢᠬᠠᠨ ᠴᠠᠭ ᠬᠤᠭᠤᠴᠠᠭᠠᠨ ᠤ ᠬᠢᠳᠠᠳ ᠲᠤᠭᠤᠵᠢ ᠦᠭᠦᠯᠡᠯᠭᠡ ᠲᠠᠢ ᠴᠤ ᠵᠤᠬᠢᠬᠤ ᠢᠯᠭᠠᠭ᠎ᠠ ᠲᠠᠢ ᠪᠢᠯᠡ᠃ ᠨᠠᠶᠠᠭᠠᠳ ᠤᠨ ᠳᠤ ᠭᠤᠤᠯᠳᠠᠭᠤ ᠬᠤᠪᠢ ᠬᠦᠮᠦᠨ ᠤ ᠪᠠᠶᠠᠷ ᠭᠤᠨᠢᠭ ᠢ ᠪᠢᠴᠢᠳᠡᠭ ᠪᠠᠢ᠌ᠭᠰᠠᠨ ᠪᠤᠯ ᠶᠡᠷᠡᠭᠡᠳ ᠤᠨ ᠳᠤ ᠬᠠᠷᠢᠨ ᠦᠨᠳᠦᠰᠦᠳᠡᠨ ᠤᠭᠰᠠᠭᠠᠳᠠᠨ ᠤ ᠬᠦᠭ᠍ᠵᠢᠯ ᠲᠠᠪᠰᠢᠯ ᠲᠠᠢ ᠬᠤᠯᠪᠤᠭᠳᠠᠬᠤ ᠬᠦᠨᠳᠦ ᠴᠢᠬᠢᠮᠡᠢ ᠠᠰᠠᠭᠤᠳᠠᠯ ᠢ ᠭᠤᠤᠯᠴᠢᠯᠠᠨ ᠪᠢᠴᠢᠪᠡ᠃ ᠡᠨᠡ ᠨᠢ ᠮᠦᠨᠴᠦ ᠶᠡᠷᠡᠭᠡᠳ ᠤᠨ ᠤ ᠬᠢᠳᠠᠳ ᠲᠤᠭᠤᠵᠢ ᠦᠭᠦᠯᠡᠯᠭᠡ ᠶᠢᠨ 《ᠨᠡᠩ ᠰᠢᠨ᠎ᠡ ᠦᠶ᠎ᠡ ᠶᠢᠨ ᠬᠢᠨ》 ᠤ ᠬᠤᠪᠢ ᠴᠤᠭᠴᠠ ᠶᠢᠨ ᠮᠠᠬᠠᠪᠤᠳ ᠤᠨ ᠰᠡᠷᠡᠭᠳᠡᠯ᠂ ᠬᠠᠷᠠᠭᠠᠨ ᠤ ᠰᠠᠭᠤᠭᠳᠠᠯ ᠢ ᠪᠢᠴᠢᠳᠡᠭ ᠶᠡᠷᠦᠩᠬᠡᠢ ᠤᠨᠴᠠᠯᠢᠭ ᠲᠠᠢ ᠠᠳᠠᠯᠢ ᠦᠭᠡᠢ ᠶᠤᠮ᠃ ᠶᠡᠷᠡᠭᠡᠳ ᠤᠨ ᠤ ᠮᠤᠩᠭ᠋ᠤᠯ ᠲᠤᠭᠤᠵᠢ ᠦᠭᠦᠯᠡᠯᠭᠡ ᠶᠢᠨ ᠲᠠᠪᠴᠠᠩ ᠳᠤ ᠡᠷᠡᠭᠳᠡᠢ ᠵᠤᠬᠢᠶᠠᠯᠴᠢᠳ ᠪᠤᠯᠤᠨ ᠡᠮᠡᠭᠳᠡᠢ ᠵᠤᠬᠢᠶᠠᠯᠴᠢᠳ ᠤᠨ ᠵᠤᠬᠢᠶᠠᠯ ᠪᠦᠳᠦᠭᠡᠯ ᠨᠢ ᠤᠳᠬ᠎ᠠ ᠰᠡᠳᠦᠪ ᠤᠨ ᠲᠤᠰᠤᠯᠳᠠ ᠶᠢᠨ ᠬᠤᠪᠢ ᠳᠤ ᠮᠦᠨ ᠵᠦᠷᠢᠶ᠎ᠡ ᠲᠠᠢ ᠪᠠᠢ᠌ᠳᠠᠭ᠃ ᠶᠡᠷᠡᠭᠡᠳ ᠤᠨ ᠤ ᠮᠤᠩᠭ᠋ᠤᠯ ᠲᠤᠭᠤᠵᠢ ᠦᠭᠦᠯᠡᠯᠭᠡ ᠶᠢᠨ ᠲᠦᠯᠦᠭᠡᠯᠡᠬᠦ ᠴᠢᠨᠠᠷ ᠲᠠᠢ ᠵᠤᠬᠢᠶᠠᠯᠴᠢ ᠶᠢᠨ ᠵᠤᠬᠢᠶᠠᠯ ᠪᠦᠳᠦᠭᠡᠯ ᠢ ᠶᠡᠷᠦᠩᠬᠡᠢ ᠳ᠋ᠤᠨᠢ ᠳ᠋ᠦᠩᠨᠡᠵᠦ ᠦᠵᠡᠪᠡᠯ᠂《ᠮᠢᠩᠭ᠋ᠠᠨ ᠤᠨ ᠤ ᠪᠤᠬᠢᠨᠢᠳᠤᠯ ᠤᠨ ᠴᠤᠤᠷᠢᠶ᠎ᠠ》ᠰᠤᠨᠤᠰᠳᠠᠵᠤ ᠪᠠᠢ᠌ᠨ᠎ᠠ᠃
Original Literature No Original Paper
出自 内蒙古社会科学(蒙文版) 2001年 第3期

联系我们


内蒙古大学图书馆
呼和浩特市大学西路235号
中国·内蒙古
P: (0471) 4992561
E: huangfeilong@imu.edu.cn