Title |
ᠦᠪᠦᠷ ᠮᠣᠩᠭᠤᠯ ᠤᠨ ᠮᠠᠯᠴᠢᠳ ᠤᠨ ᠤᠷᠤᠯᠭ᠎ᠠ ᠶᠢᠨ ᠨᠡᠮᠡᠭᠳᠡᠯ ᠤᠳᠠᠭᠠᠰᠢᠷᠠᠵᠤ ᠪᠠᠢᠬᠤ ᠶᠢᠨ ᠰᠢᠯᠲᠠᠭᠠᠨ ᠵᠢᠴᠢ ᠰᠢᠢᠳᠪᠦᠷᠢᠯᠡᠬᠦ ᠠᠷᠭ᠎ᠠ ᠠᠪᠴᠢᠯ |
Creator |
ᠤᠯᠠᠭᠠᠨ; ᠬᠤᠸᠠ ᠿᠦᠢ |
Keyword |
ᠮᠠᠯᠴᠢᠳ ᠤᠨ ᠤᠷᠤᠯᠭ ᠠ; ᠤᠳᠠᠭᠠᠰᠢᠷᠠᠯ ᠤᠨ ᠰᠢᠯᠲᠠᠭᠠᠨ;ᠰᠢᠢᠳᠪᠦᠷᠢᠯᠡᠬᠦ ᠠᠷᠭ᠎ᠠ ᠠᠪᠴᠢᠯ |
Abstract |
ᠨᠡᠢᠭᠡᠮ ᠵᠢᠷᠤᠮᠲᠤ ᠰᠢᠨ᠎ᠠ ᠮᠠᠯᠵᠢᠬᠤ ᠣᠷᠤᠨ ᠢ ᠪᠦᠲᠦᠭᠡᠨ ᠪᠠᠢᠭᠤᠯᠬᠤ ᠪᠣᠯ ᠨᠠᠮ ᠪᠠ ᠤᠯᠤᠰ ᠡᠴᠡ ᠲᠤᠷᠠᠳᠤᠨ ᠭᠠᠷᠭᠠᠭᠰᠠᠨ ᠰᠢᠨ᠎ᠡ ᠴᠠᠭ ᠦᠶ ᠡ ᠶᠢᠨ ᠴᠢᠬᠤᠯᠠ ᠲᠡᠦᠬᠡᠳᠦ ᠡᠭᠦᠷᠭᠡ ᠪᠣᠯᠬᠤ ᠶᠣᠮ᠃ ᠡᠭᠦᠨ ᠳ᠋ᠤ ᠰᠢᠢᠳᠪᠦᠷᠢᠯᠡᠬᠦ ᠴᠢᠬᠤᠯᠠᠲᠠᠢ ᠠᠰᠠᠭᠤᠳᠠᠯ ᠮᠠᠰᠢ ᠠᠷᠪᠢᠨ ᠪᠠᠢᠵᠤ᠂ ᠲᠡᠭᠦᠨ ᠤ ᠲᠤᠲᠤᠷ ᠠ ᠬᠠᠮᠤᠭ ᠤᠨ ᠲᠤᠮᠭᠠᠮ ᠠ ᠠᠰᠠᠭᠤᠳᠠᠯ ᠪᠣᠯ ᠮᠠᠯᠴᠢᠳ ᠤᠨ ᠣᠷᠤᠯᠭ᠎ᠠ ᠶᠢᠨ ᠨᠡᠮᠡᠭᠳᠡᠯ ᠤᠳᠠᠭᠠᠰᠢᠷᠠᠵᠤ ᠪᠠᠢᠬᠤ ᠠᠰᠠᠭᠤᠳᠠᠯ ᠪᠣᠯᠤᠨ᠎ᠠ᠃ ᠮᠠᠯᠴᠢᠨ ᠪᠣᠯ ᠰᠢᠨ᠎ᠠ ᠮᠠᠯᠵᠢᠬᠤ ᠣᠷᠤᠨ ᠢ ᠪᠦᠲᠦᠭᠡᠨ ᠪᠠᠢᠭᠤᠯᠬᠤ ᠭᠤᠤᠯ ᠲᠤᠯᠭᠠᠭᠤᠷᠢ ᠬᠦᠴᠦᠨ ᠮᠦᠨ᠂ ᠮᠠᠯᠴᠢᠳ ᠤᠨ ᠤᠷᠤᠯᠭ᠎ᠠ ᠪᠣᠯ ᠮᠠᠯ ᠠᠵᠤ ᠠᠬᠤᠢ ᠶᠢᠨ ᠦᠢᠯᠡᠳᠪᠦᠷᠢᠯᠡᠯ ᠪᠠ ᠭᠦᠭᠵᠢᠯᠲᠡ ᠶᠢᠨ ᠴᠢᠬᠤᠯᠠ ᠬᠡᠷᠡᠴᠢ ᠲᠡᠮᠳᠡᠭ ᠮᠦᠨ᠃ ᠣᠳᠤᠬᠠᠨ ᠦᠪᠦᠷ ᠮᠣᠩᠭᠤᠯ ᠳ᠋ᠤ᠂ ᠡᠪᠡᠰᠦ ᠪᠡᠯᠴᠢᠭᠡᠷ ᠤᠨ ᠡᠯᠡᠰᠦᠷᠭᠡᠭᠵᠢᠯ ᠬᠦᠨᠳᠦ ᠬᠡᠴᠡᠬᠦᠦ ᠡᠴᠡ ᠪᠣᠯᠵᠤ ᠡᠪᠡᠰᠦ ᠪᠡᠯᠴᠢᠭᠡᠷ ᠤᠨ ᠮᠦ ᠪᠦᠷᠢ ᠶᠢᠨ ᠤᠨᠤᠯᠲᠠ ᠪᠠᠭᠠᠰᠴᠤ᠂ ᠪᠡᠯᠴᠢᠭᠡᠷ ᠤᠨ ᠲᠠᠭᠠᠭᠠᠴᠠ ᠲᠤᠷᠤᠭᠰᠢᠯᠠᠨ᠂ ᠮᠠᠯᠵᠢᠬᠤ ᠣᠷᠤᠨ ᠦᠷᠬᠦᠯᠵᠢᠯᠡᠨ ᠭᠦᠭᠵᠢᠬᠦ ᠴᠢᠳᠠᠪᠤᠷᠢ ᠪᠠᠨ ᠠᠯᠳᠠᠵᠤ᠂ ᠮᠠᠯᠴᠢᠳ ᠭᠡᠷ ᠪᠦᠯᠢ ᠶᠢᠨ ᠡᠵᠡᠩᠨᠡᠯᠲᠡ ᠶᠢᠨ ᠣᠷᠤᠯᠭ᠎ᠠ ᠶᠢᠨ ᠨᠡᠮᠡᠭᠳᠡᠯ ᠤᠳᠠᠭᠠᠰᠢᠷᠠᠵᠤ᠂ ᠮᠠᠯᠴᠢᠳ ᠮᠠᠯᠵᠢᠯ ᠳ᠋ᠤ ᠲᠦᠰᠢᠭᠯᠡᠨ ᠦᠢᠯᠡᠳᠪᠦᠷᠢᠯᠡᠯ ᠠᠮᠢᠳᠤᠷᠠᠯ ᠢᠢᠡᠨ ᠠᠷᠭᠠᠴᠠᠬᠤ ᠳᠤ ᠪᠠᠭ᠎ᠠ ᠪᠣᠰᠤ ᠪᠡᠷᠭᠡᠰᠢᠶᠡᠯ ᠲᠤᠯᠭᠠᠷᠠᠵᠤ ᠪᠤᠢ᠃ ᠡᠬᠦᠨ ᠳ᠋ᠤ ᠬᠠᠨᠳᠤᠭᠤᠯᠵᠤ ᠦᠭᠦᠯᠡᠯ ᠳ᠋ᠤ᠂ ᠦᠪᠦᠷ ᠮᠣᠩᠭᠤᠯ ᠤᠨ ᠮᠠᠯᠴᠢᠳ ᠤᠨ ᠤᠷᠤᠯᠭ᠎ᠠ ᠶᠢᠨ ᠣᠳᠣᠬᠢ ᠪᠠᠢᠳᠠᠯ ᠪᠠ ᠣᠷᠤᠯᠭ᠎ᠠ ᠶᠢᠨ ᠨᠡᠮᠡᠭᠳᠡᠯ ᠤᠳᠠᠭᠠᠰᠢᠷᠠᠵᠤ ᠪᠠᠢᠬᠤ ᠰᠢᠯᠲᠠᠭᠠᠨ ᠢ ᠵᠠᠳᠠᠯᠤᠭᠰᠠᠨ ᠰᠠᠭᠤᠷᠢᠨ ᠲᠡᠭᠡᠷ ᠡ᠂ ᠮᠠᠯᠴᠢᠳ ᠤᠨ ᠣᠷᠤᠯᠭ᠎ᠠ ᠶᠢᠨ ᠨᠡᠮᠡᠭᠳᠡᠯ ᠢ ᠠᠬᠢᠭᠤᠯᠬᠤ ᠠᠷᠭ᠎ᠠ ᠬᠡᠮᠵᠢᠶ ᠡ ᠵᠢ ᠰᠦᠪᠡᠭᠴᠢᠯᠡᠭᠰᠡᠨ ᠪᠠᠢᠨ᠎ᠠ᠃ |
Original Literature |
View Original Paper
|
出自 |
内蒙古师范大学学报
2011年
第4期
|