Paper Information


Title ᠮᠣᠩᠭᠤᠯ ᠪᠦᠭᠡ ᠶᠢᠨ ᠱᠠᠰᠢᠨ ᠤ ᠤᠯᠠᠮᠵᠢᠯᠠᠯ ᠳ᠋ᠡᠬᠢ ᠮᠤᠲᠤᠨ ᠰᠢᠲᠦᠯᠭᠡ ᠪᠤᠯᠤᠨ ᠰᠢᠪᠠᠭᠤᠨ ᠰᠢᠲᠦᠯᠭᠡ ᠶᠢᠨ ᠤᠶᠠᠯᠳᠤᠯ ᠬᠠᠷᠢᠴᠠᠭ᠎ᠠ ᠵᠢ ᠰᠢᠨᠵᠢᠯᠡᠬᠦ ᠨᠢ
Creator ᠠᠯᠲᠠᠨᠭᠡᠷᠡᠯ
Keyword ᠮᠣᠩᠭᠤᠯ ᠪᠦᠭᠡ ᠶᠢᠨ ᠱᠠᠰᠢᠨ; ᠰᠦᠨᠡᠰᠦ ᠬᠢᠭᠡᠳ ᠣᠩᠭᠤᠳ; ᠰᠢᠪᠠᠭᠤᠨ ᠰᠢᠲᠦᠯᠭᠡ ᠪᠤᠯᠤᠨ ᠮᠤᠲᠤᠨ ᠰᠢᠲᠦᠯᠭᠡ
Abstract ᠮᠣᠩᠭᠤᠯ ᠪᠦᠭᠡ ᠶᠢᠨ ᠱᠠᠰᠢᠨ ᠤ ᠤᠯᠠᠮᠵᠢᠯᠠᠯ ᠳ᠋ᠡᠬᠢ ᠮᠣᠳᠤᠨ ᠰᠢᠲᠦᠯᠭᠡ ᠪᠤᠯᠤᠨ ᠰᠢᠪᠠᠭᠤᠨ ᠰᠢᠲᠦᠯᠭᠡ ᠶᠢᠨ ᠤᠶᠠᠯᠳᠤᠯ ᠬᠤᠷᠢᠴᠠᠭ᠎ᠠ ᠶᠢᠨ ᠲᠦᠪᠯᠡᠷᠡᠯ ᠤᠨ ᠣᠡᠭ ᠪᠤᠶᠤ ᠭᠤᠭᠴᠠᠭ᠎ᠠ ᠪᠤᠯ ᠲᠠᠷᠤᠢ 《ᠰᠦᠨᠡᠰᠦ ᠰᠦᠯᠲᠡᠷ》 ᠪᠤᠯᠤᠨ 《ᠣᠩᠭᠤᠯ ᠰᠠᠬᠢᠭᠤᠰᠤ》 ᠶᠢᠨ ᠤᠢᠯᠠᠭᠠᠭᠳᠠᠬᠤᠨ ᠪᠣᠯᠬᠤ ᠶᠣᠮ᠃ ᠪᠦᠭᠡ ᠶᠢᠨ ᠮᠤᠲᠤᠨ ᠰᠢᠲᠦᠯᠭᠡ ᠶᠢᠨ ᠤᠢᠯᠠᠭᠠᠯᠲᠠ ᠶᠢᠨ ᠰᠠᠭᠤᠷᠢ ᠪᠤᠯᠤᠭᠰᠠᠨ《ᠮᠤᠲᠤ ᠪᠣᠯ ᠮᠣᠩᠭᠤᠯ ᠰᠢᠲᠦᠭᠡᠨ ᠤ ᠤᠷᠤᠨ ᠰᠠᠭᠤᠴᠠ》 ᠭᠡᠬᠦ ᠦᠵᠡᠯᠲᠡ ᠶᠢᠨ ᠵᠠᠩᠬᠢᠯᠠᠭ᠎ᠠ ᠶᠢᠨ ᠤᠬᠠᠭᠳᠠᠬᠤᠨ ᠪᠤᠯᠬᠤ 《ᠣᠩᠭᠤᠳ ᠰᠢᠲᠦᠭᠡᠨ》ᠭᠡᠳᠡᠭ ᠨᠢ ᠦᠨᠡᠨ ᠳ᠋ᠡᠭᠡᠨ《ᠰᠢᠪᠠᠭᠤ 》 ᠪᠠᠢᠵᠤ᠂ 《ᠰᠢᠪᠠᠭᠤᠨ ᠣᠩᠭᠤᠳ ᠤᠨ ᠤᠷᠤᠰᠢᠨ ᠰᠠᠭᠠᠲᠠᠬᠤ ᠤᠷᠤᠨ》 ᠬᠡᠮᠡᠬᠦ ᠰᠠᠨᠠᠭ᠎ᠠ ᠵᠢ ᠢᠯᠡᠷᠭᠡᠢᠯᠡᠭᠰᠡᠨ ᠨᠢ 《ᠮᠣᠳᠤᠨ ᠰᠢᠲᠦᠯᠭ ᠡ》 ᠪᠤᠯᠤᠨ 《ᠰᠢᠪᠠᠭᠤᠨ ᠰᠢᠲᠦᠯᠭᠡ》 ᠵᠢ ᠰᠢᠲᠦᠯᠴᠡᠭᠦᠯᠦᠨ ᠰᠡᠳᠬᠢᠮᠵᠢᠯᠡᠬᠦ ᠵᠠᠩᠬᠢᠯᠠᠭ᠎ᠠ ᠶᠢᠨ ᠭᠤᠭᠴᠣᠭ᠎ᠠ ᠵᠢ ᠰᠢᠬᠢᠳᠴᠦ᠂ ᠵᠣᠬᠢᠬᠤ ᠪᠤᠷᠤᠭᠵᠢᠭᠤᠨ ᠪᠣᠳᠠᠰᠴᠢ ᠦᠵᠠᠯ ᠤᠨ ᠲᠠᠨᠢᠯᠲᠠ ᠶᠢᠨ ᠠᠴᠢ ᠬᠤᠯᠪᠤᠭᠲᠠᠯ ᠲᠠᠢ ᠪᠤᠯᠤᠭᠰᠠᠨ ᠶᠣᠮ᠃
Original Literature View Original Paper
出自 中国蒙古学 2016年 第5期

联系我们


内蒙古大学图书馆
呼和浩特市大学西路235号
中国·内蒙古
P: (0471) 4992561
E: huangfeilong@imu.edu.cn