Abstract |
ᠤᠯᠠᠩᠬᠢ ᠡᠷᠲᠡᠮᠲᠡᠳ ᠤᠯᠠᠭᠠᠨᠬᠠᠳᠠ ᠬᠤᠳᠠ ᠶᠢᠨ ᠠᠤᠬᠠᠨ ᠬᠤᠰᠢᠭᠤ᠂ ᠣᠩᠨᠢᠭᠤᠳ ᠬᠤᠰᠢᠭᠤ ᠶᠢᠨ ᠮᠣᠩᠭᠤᠯ ᠬᠡᠯᠡ ᠶᠠᠷᠢᠶ ᠠ ᠵᠢ ᠪᠠᠭᠠᠷᠢᠨ ᠠᠮᠠᠨ ᠠᠶᠠᠯᠭᠤᠨ ᠳ᠋ᠤ ᠪᠠᠭᠲᠠᠭᠠᠨ ᠦᠵᠡᠵᠦ ᠪᠠᠢᠨ᠎ᠠ᠃ ᠭᠡᠪᠡᠴᠦ ᠡᠳᠡᠭᠡᠷ ᠭᠠᠵᠠᠷ ᠤᠨ ᠬᠤᠭᠤᠷᠤᠨᠳᠤᠬᠢ ᠮᠣᠩᠭᠤᠯ ᠬᠡᠯᠡ ᠶᠠᠷᠢᠶᠠᠨ ᠤ ᠨᠠᠷᠢᠨ ᠢᠯᠭᠠᠭ᠎ᠠ ᠵᠢ ᠲᠤᠳᠤᠯᠠᠬᠤ ᠠᠵᠢᠯ ᠼᠠᠭᠠᠷᠲᠠᠭᠳᠠᠵᠤ ᠪᠠᠢᠨ᠎ᠠ᠃ ᠤᠯᠠᠭᠠᠨᠬᠠᠳᠠ ᠬᠤᠳᠠ ᠶᠢᠨ ᠠᠤᠬᠠᠨ ᠬᠤᠰᠢᠭᠤ᠂ ᠣᠩᠨᠢᠭᠤᠳ ᠬᠤᠰᠢᠭᠤ᠂ ᠪᠠᠭᠠᠷᠢᠨ ᠪᠠᠷᠠᠭᠤᠨ ᠬᠤᠰᠢᠭᠤᠨ ᠤ ᠮᠣᠩᠭᠤᠯ ᠬᠡᠯᠡ ᠶᠠᠷᠢᠶᠠᠨ ᠳ᠋ᠡᠬᠢ ᠲᠦᠷᠦᠯ ᠰᠠᠲᠤᠨ ᠤ ᠲᠠᠭᠤᠳᠠᠯᠭ᠎ᠠ ᠵᠢ ᠬᠤᠭᠤᠷᠤᠨᠳᠤ ᠨᠢ ᠬᠠᠷᠢᠴᠠᠭᠤᠯᠬᠤ ᠳ᠋ᠤ ᠠᠤᠬᠠᠨ᠂ ᠣᠩᠨᠢᠭᠤᠳ ᠤᠨ ᠲᠦᠷᠦᠯ ᠰᠠᠳᠤᠨ ᠤ ᠲᠠᠭᠤᠳᠠᠯᠭ᠎ᠠ ᠨᠢ ᠬᠤᠭᠤᠷᠤᠨᠳᠤ ᠪᠠᠨ ᠢᠯᠭᠠᠭ᠎ᠠ ᠲᠠᠢ ᠵᠦᠢᠯ ᠴᠦᠬᠡᠨ ᠪᠠᠢᠵᠤ᠂ ᠪᠠᠭᠠᠷᠢᠨ ᠲᠠᠢ ᠢᠯᠭᠠᠭ᠎ᠠ ᠲᠠᠢ ᠵᠦᠢ ᠨᠡᠯᠢᠶᠡᠳ ᠪᠠᠢᠨ᠎ᠠ᠃ |