Title |
ᠰᠠᠨᠰᠺᠷᠢᠲ᠋ ᠰᠢᠯᠦᠭ ᠦᠨ ᠮᠣᠩᠭᠤᠯ ᠣᠷᠴᠢᠭᠤᠯᠭ᠎ᠠ ᠪᠠ ᠣᠨᠵᠤᠳ ᠨᠡᠷ᠎ᠡ ᠶᠢᠨ ᠤᠴᠢᠷ ᠤᠳᠬ᠎ᠠ — 《ᠡᠭᠦᠯᠡ ᠵᠠᠷᠤᠳᠠᠰᠤ》 ᠶᠢᠨ ᠵᠢᠱᠢᠶᠡᠨ ᠳᠡᠭᠡᠷ᠎ᠡ |
Creator |
ᠰᠠᠴᠤᠷᠠᠩᠭᠤᠢ |
Keyword |
ᠰᠠᠨᠰᠺᠷᠢᠲ᠋ ᠰᠢᠯᠦᠭ ᠦᠨ ᠮᠣᠩᠭᠤᠯ ᠣᠷᠴᠢᠭᠤᠯᠭ᠎ᠠ; ᠠᠢᠵᠠᠮ ᠭᠡᠮᠨᠡᠯ; ᠣᠨᠵᠤᠳ ᠨᠡᠷ᠎ᠡ; ᠳᠤᠮᠤᠭ ᠤᠨ ᠰᠡᠳᠬᠢᠯᠭᠡ |
Abstract |
ᠡᠨᠡᠳᠬᠡᠭ ᠮᠣᠩᠭᠤᠯ ᠤᠨ ᠰᠤᠶᠤᠯ ᠤᠨ ᠬᠠᠷᠢᠯᠴᠠᠭ᠎ᠠ ᠵᠢᠴᠢ ᠮᠣᠩᠭᠤᠯ ᠤᠷᠠᠨ ᠵᠤᠬᠢᠶᠠᠯ ᠤᠨ ᠬᠠᠷᠢᠴᠠᠭᠤᠯᠤᠭᠰᠠᠨ ᠰᠤᠳᠤᠯᠤᠯ ᠪᠠ ᠬᠤᠢᠰᠢᠲᠠ ᠶᠢᠨ ᠬᠦᠭᠵᠢᠯᠲᠡ ᠳᠦ ᠪᠢᠳᠡ ᠰᠠᠨᠰᠺᠷᠢᠲ᠋ ᠰᠢᠯᠦᠭ ᠦᠨ ᠣᠷᠴᠢᠭᠤᠯᠭ᠎ᠠ ᠶᠢᠨ ᠠᠰᠠᠭᠤᠳᠠᠯ ᠢ ᠲᠤᠭᠤᠷᠢᠨ ᠭᠠᠷᠴᠤ ᠴᠢᠳᠠᠬᠤ ᠦᠭᠡᠢ᠃ ᠤᠷᠠᠨ ᠪᠦᠲᠦᠭᠡᠯ ᠢ ᠰᠠᠢᠨ ᠣᠷᠴᠢᠭᠤᠯᠬᠤ ᠳᠤ᠂ ᠤᠭ ᠲᠧᠺᠰᠲ᠋ ᠦᠨ ᠬᠡᠯᠡᠨ ᠦ ᠣᠨᠴᠠᠯᠢᠭ ᠵᠢᠴᠢ ᠲᠤᠬᠠᠢ ᠶᠢᠨ ᠦᠨᠳᠦᠰᠦᠲᠡᠨ ᠦ ᠰᠤᠶᠤᠯ ᠰᠡᠳᠬᠢᠭᠦᠢ ᠶᠢ ᠵᠠᠪᠠᠯ ᠰᠠᠢᠨ ᠣᠢᠯᠠᠭᠠᠭᠰᠠᠨ ᠪᠠᠢᠬᠤ ᠬᠡᠷᠡᠭᠲᠡᠢ᠃ ᠲᠤᠰ ᠦᠭᠦᠯᠡᠯ ᠳᠦ᠂ ᠭᠤᠤᠯᠳᠠᠭᠤ 《ᠡᠭᠦᠯᠡᠨ ᠵᠠᠷᠤᠳᠠᠰᠤ》 ᠶᠢᠨ ᠵᠢᠱᠢᠶᠡᠨ ᠳᠡᠭᠡᠷ᠎ᠡ ᠰᠠᠨᠰᠺᠷᠢᠲ᠋ ᠰᠢᠯᠦᠭ ᠦᠨ ᠲᠤᠰ ᠪᠡᠶ᠎ᠡ ᠶᠢᠨ ᠬᠢᠨᠢ ᠣᠨᠴᠠᠯᠢᠭ ᠠᠴᠠ ᠭᠠᠷᠲᠠᠵᠤ᠂ ᠲᠡᠭᠦᠨ ᠦ ᠠᠢᠵᠠᠮ ᠭᠡᠮᠨᠡᠯ᠂ ᠣᠨᠵᠤᠳ ᠨᠡᠷ᠎ᠡ ᠵᠢᠴᠢ ᠳᠤᠮᠤᠭ ᠤᠨ ᠰᠡᠳᠬᠢᠯᠭᠡ ᠭᠡᠬᠦ ᠨᠦᠬᠦᠴᠡᠯᠳᠦᠨ ᠣᠷᠤᠰᠢᠬᠤ ᠭᠤᠷᠪᠠᠨ ᠠᠰᠠᠭᠤᠳᠠᠯ ᠢ ᠶᠠᠷᠢᠯᠴᠠᠬᠤ ᠶᠢᠨ ᠤᠯᠠᠮ ᠠᠴᠠ ᠣᠨᠵᠤᠳ ᠨᠡᠷ᠎ᠡ ᠨᠢ ᠰᠠᠨᠰᠺᠷᠢᠲ᠋ ᠰᠢᠯᠦᠭ ᠦᠨ ᠤᠴᠢᠷ ᠤᠳᠬ᠎ᠠ ᠶᠢ ᠪᠦᠷᠢᠨ ᠵᠦᠪ ᠣᠢᠯᠠᠭᠠᠬᠤ ᠶᠢᠨ ᠨᠢᠭᠡᠨ ᠠᠨᠢᠰᠤ ᠪᠦᠭᠡᠳ ᠰᠠᠨᠰᠺᠷᠢᠲ᠋ ᠰᠢᠯᠦᠭ ᠦᠨ ᠮᠣᠩᠭᠤᠯ ᠣᠷᠴᠢᠭᠤᠯᠭ᠎ᠠ ᠳᠤ ᠡᠷᠬᠡᠪᠰᠢ ᠠᠩᠬᠠᠷᠤᠨ ᠰᠤᠳᠤᠯᠤᠭᠤᠰᠢᠲᠠᠢ ᠨᠢᠭᠡᠨ ᠵᠤᠢᠯ ᠮᠦᠨ ᠭᠡᠵᠦ ᠦᠵᠡᠪᠡ᠃ |
Original Literature |
View Original Paper
|
出自 |
中国蒙古学
2015年
第5期
|