Paper Information


Title ᠲᠡᠭᠦᠰᠬᠦ ᠦᠭᠦᠯᠡᠯ ᠢ ᠬᠡᠷᠬᠢᠨ ᠪᠢᠴᠢᠬᠦ ᠪᠤᠢ
Creator ᠲᠤᠩᠭᠠᠯᠠᠭ
Keyword
Abstract ᠶᠡᠬᠡ(ᠲᠡᠭᠡᠲᠦ》 ᠰᠤᠷᠭᠠᠭᠤᠯᠢ ᠶᠢᠨ ᠰᠤᠷᠤᠭᠴᠢᠳ ᠤᠨ ᠲᠡᠭᠦᠰᠬᠦ ᠦᠭᠦᠯᠡᠯ ᠪᠣᠯ ᠰᠤᠷᠤᠯᠭ᠎ᠠ ᠶᠢᠨ ᠵᠢᠯ ᠤᠨ ᠦᠭᠦᠯᠡᠯ ᠢ ᠪᠢᠴᠢᠭᠰᠡᠨ ᠰᠠᠭᠤᠷᠢ ᠲᠡᠭᠡᠷ ᠡ ᠪᠢᠴᠢᠳᠡᠭ ᠦᠭᠦᠯᠡᠯ ᠪᠣᠯᠤᠨ᠎ᠠ᠃ ᠲᠡᠭᠦᠨ ᠤ ᠰᠡᠳᠦᠪ ᠨᠢ ᠰᠤᠷᠤᠯᠭ᠎ᠠ ᠶᠢᠨ ᠵᠢᠯ ᠤᠨ ᠦᠭᠦᠯᠡᠯ ᠤᠨ ᠰᠡᠳᠦᠪ ᠡᠴᠡ ᠶᠡᠬᠡ ᠪᠦᠭᠡᠳ ᠬᠦᠨᠵᠡᠭᠡᠢ ᠪᠠᠢᠳᠠᠭ᠃ ᠡᠨᠡᠬᠦ ᠦᠭᠦᠯᠡᠯ ᠨᠢ ᠰᠤᠷᠤᠭᠴᠢᠳ ᠤᠨ ᠮᠡᠳᠡᠯᠭᠡ ᠶᠢᠨ ᠬᠢᠷᠢ ᠬᠡᠮᠵᠢᠶ ᠡ ᠠᠰᠠᠭᠤᠠᠯ ᠢ ᠵᠠᠳᠠᠯᠤᠨ ᠰᠢᠢᠳᠪᠦᠷᠢᠯᠡᠬᠦ ᠴᠢᠳᠠᠪᠤᠷᠢ ᠪᠠ ᠡᠷᠲᠡᠮ ᠰᠢᠨᠵᠢᠯᠡᠭᠡᠨ ᠤ ᠬᠢᠷᠢ ᠬᠡᠮᠵᠢᠶ ᠡ ᠵᠡᠷᠭᠡ ᠵᠢ ᠪᠦᠬᠦ ᠲᠠᠯ ᠠ ᠪᠡᠷ ᠲᠤᠰᠬᠠᠭᠰᠠᠨ ᠪᠠᠢᠬᠤ ᠭᠡᠷᠡᠭᠲᠡᠢ᠂ ᠡᠢᠮᠦ ᠡᠴᠡ ᠱᠠᠭᠠᠷᠳᠠᠯᠭ᠎ᠠ ᠴᠢᠩᠭ᠎ᠠ ᠪᠦᠭᠡᠳ ᠦᠨᠳᠦᠷ ᠪᠠᠢᠳᠠᠭ᠃ ᠭᠡᠪᠡᠴᠦ ᠲᠡᠭᠬᠦᠨ ᠤ ᠰᠡᠳᠦᠤ ᠨᠢ 4 ᠵᠢᠯ ᠤᠨ ᠲᠤᠷᠰᠢ ᠰᠤᠷᠤᠭᠰᠠᠨ ᠵᠦᠢᠯ ᠪᠦᠬᠦᠨ ᠢ ᠪᠠᠭᠲᠠᠭᠠᠬᠤ ᠪᠢᠰᠢ᠂ ᠮᠦᠨ ᠪᠠᠰᠠ ᠬᠢᠴᠢᠶᠡᠯ ᠤᠨ ᠲᠦᠷᠦᠯ ᠵᠦᠢᠯ ᠬᠦᠮᠦᠨ ᠤ ᠦᠨᠳᠦᠰᠦᠨ ᠠᠰᠠᠭᠤᠳᠠᠯ ᠢ ᠪᠦᠬᠦᠨ ᠢᠢᠡᠷ ᠨᠢ ᠪᠠᠭᠲᠠᠭᠠᠬᠤ ᠪᠢᠰᠢ ᠶᠣᠮ᠃ ᠬᠠᠷᠢᠨ ᠲᠤᠭ᠎ᠠ ᠲᠤᠮᠰᠢ ᠦᠭᠡᠢ ᠠᠰᠠᠭᠤᠳᠠᠯ ᠤᠨ ᠲᠤᠳᠤᠷᠠᠬᠢ ᠶᠠᠮᠠᠷ ᠨᠢᠭᠡᠨ ᠦᠨᠳᠦᠰᠦᠨ ᠠᠰᠠᠭᠤᠳᠠᠯ ᠤᠨ ᠴᠢᠬᠤᠯᠠ ᠨᠢᠭᠡ ᠲᠠᠯ ᠠ ᠪᠣᠶᠣ ᠡᠰᠡᠬᠦᠯ ᠠ ᠤᠳᠠᠭᠠᠨ ᠡᠳᠦᠷ ᠵᠤᠵᠠᠭᠠᠨ ᠬᠤᠨᠤᠭ ᠦᠯᠦ ᠰᠢᠢᠳᠪᠦᠷᠢᠯᠡᠭᠳᠡᠭᠰᠡᠨ ᠠᠰᠠᠭᠤᠳᠠᠯ᠂ ᠡᠰᠡᠪᠡᠯ ᠣᠳᠤᠬᠠᠨ ᠳ᠋ᠤ ᠰᠢᠢᠳᠪᠦᠷᠢᠯᠡᠬᠦ ᠳ᠋ᠤ ᠬᠦᠴᠢᠷ ᠲᠠᠢ ᠭᠡᠵᠦ ᠬᠦᠮᠦᠰ ᠦᠵᠡᠵᠦ ᠪᠠᠢᠭ᠎ᠠ ᠠᠰᠠᠭᠤᠳᠠᠯ ᠪᠠᠢᠵᠤ ᠪᠣᠯᠤᠨ᠎ᠠ᠃ ᠡᠢᠮᠦ ᠠᠰᠠᠭᠤᠳᠠᠯ ᠢ ᠰᠢᠢᠳᠪᠦᠷᠢᠯᠡᠬᠦ ᠨᠢ ᠴᠢᠬᠤᠯᠠ ᠠᠴᠢ ᠬᠤᠯᠪᠤᠭᠳᠠᠯ ᠲᠠᠢ ᠶᠣᠮ᠃
Original Literature No Original Paper
出自 内蒙古师范大学学报 1990年 第2期

联系我们


内蒙古大学图书馆
呼和浩特市大学西路235号
中国·内蒙古
P: (0471) 4992561
E: huangfeilong@imu.edu.cn