Paper Information


Title ᠱ‍᠂ ᠠᠶᠤᠰᠢ ᠶᠢᠨ 《ᠠᠮᠢᠳᠤ ᠰᠤᠨᠢᠨ ᠵᠡᠷᠭᠡ ᠶᠢᠨ ᠣᠨᠴᠠ ᠰᠤᠨᠢᠷᠬᠠᠯᠲᠠᠢ ᠵᠦᠴᠦᠭᠡ》᠋ ᠶᠢᠨ ᠵᠤᠬᠢᠶᠠᠮᠵᠢ ᠶᠢᠨ ᠲᠤᠬᠠᠢ ᠦᠭᠦᠯᠡᠬᠦ ᠨᠢ
Creator ᠰᠠᠷᠠᠩ᠋ᠭᠤᠤ᠎ᠠ
Keyword ᠱ‍᠂ ᠠᠶᠤᠰᠢ; 《ᠠᠮᠢᠳᠤ ᠰᠤᠨᠢᠨ》; ᠵᠤᠬᠢᠶᠠᠮᠵᠢ
Abstract ᠱ‍᠂ ᠠᠶᠤᠰᠢ ᠶᠢᠨ 《ᠠᠮᠢᠳᠤ ᠰᠤᠨᠢᠨ ᠵᠡᠷᠭᠡ ᠶᠢᠨ ᠣᠨᠴᠠ ᠰᠤᠨᠢᠷᠬᠠᠯᠲᠠᠢ ᠵᠦᠴᠦᠭᠡ》ᠨᠢ ᠲᠤᠬᠠᠢ ᠶᠢᠨ ᠦᠶ᠎ᠡ ᠶᠢᠨ ᠲᠤᠮᠤ ᠲᠤᠮᠤ ᠨᠡᠢ᠌ᠭᠡᠮ ᠲᠡᠦᠬᠡᠨ ᠤᠴᠢᠷ ᠢ ᠭᠦᠨ ᠭᠦᠨᠵᠡᠭᠡᠢ ᠬᠤᠷᠢᠶᠠᠩ᠋ᠭᠤᠢ᠌ᠯᠠᠵᠤ ᠲᠤᠪᠴᠢᠯᠠᠭᠰᠠᠨ ᠵᠤᠬᠢᠶᠠᠯ ᠪᠤᠯᠬᠤ ᠪᠦᠭᠡᠳ ᠡᠯᠳᠡᠪ ᠶᠠᠩᠵᠤ ᠶᠢᠨ ᠲᠦᠷᠭᠡᠨ ᠭᠠᠪᠰᠢᠭᠠᠢ ᠬᠦᠳᠡᠯᠭᠡᠭᠡᠨ ᠲᠡᠢ᠂ ᠨᠡᠢ᠌ᠲᠡᠴᠢ ᠴᠢᠨᠠᠷ ᠲᠠᠢ᠂ ᠬᠠᠮᠲᠤᠷᠠᠭᠰᠠᠨ ᠬᠦᠳᠡᠯᠭᠡᠭᠡᠨ ᠨᠦᠬᠦᠳ ᠢ ᠣᠯᠠᠨᠲᠠ ᠬᠡᠷᠡᠭᠯᠳᠡᠭ ᠦᠪᠡᠷᠮᠢᠴᠡ ᠪᠦᠲᠦᠴᠡ ᠪᠦᠬᠦᠢ ᠵᠦᠴᠦᠭᠡ ᠪᠤᠯᠤᠨ᠎ᠠ᠃ ᠡᠨᠡ ᠬᠦ ᠵᠦᠴᠦᠭᠡ ᠨᠢ ᠬᠦᠩᠭᠡᠨ ᠬᠢᠯᠪᠠᠷ᠂ ᠨᠡᠭᠦᠳᠡᠯ ᠦᠨ ᠴᠢᠨᠠᠷ ᠲᠠᠢ ᠣᠷᠤᠨ ᠰᠠᠭᠤᠴᠠ ᠬᠤᠪᠤᠷ ᠭᠠᠵᠠᠷ ᠲᠤᠭᠯᠠᠬᠤ ᠳᠤ ᠮᠠᠰᠢ ᠶᠡᠬᠡ ᠵᠤᠬᠢᠴᠠᠳᠠᠭ ᠪᠠᠢ᠌ᠵᠤ ᠲᠤᠬᠠᠢ ᠶᠢᠨ ᠴᠠᠭ ᠦᠶ᠎ᠡ ᠳᠡᠭᠡᠨ ᠲᠤᠩ ᠰᠠᠢ᠌ᠨ ᠦᠷ᠎ᠡ ᠠᠰᠢᠭ ᠢ ᠭᠠᠷᠭᠠᠭᠰᠠᠨ ᠪᠢᠯᠡ᠃ ᠲᠡᠭᠦᠨ ᠦ ᠵᠤᠬᠢᠶᠠᠮᠵᠢ ᠪᠠᠢ᠌ᠷᠢᠯᠠᠭᠤᠯᠤᠯᠲᠠ ᠨᠢ ᠳᠦᠭᠦᠮ ᠡᠴᠡ ᠪᠤᠳᠤᠯᠢᠶᠠᠨ ᠲᠠᠢ ᠦᠵᠡᠭᠳᠡᠯ ᠲᠡᠢ᠌ᠰᠢ᠂ ᠬᠡᠢ᠌ᠰᠪᠦᠷᠢ ᠡᠴᠡ ᠪᠤᠳᠠᠲᠠᠢ ᠵᠦᠭ᠂ ᠪᠦᠲᠦᠭᠦᠪᠴᠢ ᠦᠵᠡᠭᠦᠯᠦᠯᠲᠡ ᠡᠴᠡ ᠨᠠᠷᠢᠨ ᠵᠢᠷᠤᠭᠯᠠᠯ ᠵᠦᠭ ᠰᠢᠯᠵᠢᠭᠰᠡᠨ ᠪᠠᠢ᠌ᠳᠠᠯ ᠲᠠᠢ ᠮᠦᠷᠲᠡᠭᠡᠨ ᠢᠯᠡᠳᠭᠡᠯ ᠮᠠᠶ‍ᠢᠭ ᠪᠤᠶᠤ ᠮᠤᠨᠤᠯᠤᠬᠢ ᠮᠠᠶ‍ᠢᠭ ᠤᠨ ᠵᠤᠬᠢᠶᠠᠮᠵᠢ ᠶᠢ ᠴᠤ ᠬᠠᠪᠰᠤᠷᠭᠠᠭᠰᠠᠨ ᠣᠨᠴᠠᠯᠢᠭ ᠰᠢᠨᠵᠢ ᠬᠠᠷᠠᠭᠳᠠᠵᠤ ᠪᠠᠢ᠌ᠨ᠎ᠠ᠃
Original Literature View Original Paper
出自 中国蒙古学 2013年 第3期

联系我们


内蒙古大学图书馆
呼和浩特市大学西路235号
中国·内蒙古
P: (0471) 4992561
E: huangfeilong@imu.edu.cn