Title |
ᠬᠣᠩᠬᠢᠷᠠᠳ ᠠᠢᠮᠠᠭ ᠤᠨ ᠲᠡᠦᠬᠡ ᠶᠢᠨ ᠲᠣᠬᠠᠢ ᠨᠠᠷᠢᠪᠴᠢᠯᠠᠬᠤ ᠨᠢ |
Creator |
ᠨᠠᠭᠤᠷ |
Keyword |
ᠬᠣᠩᠬᠢᠷᠠᠳ ᠠᠢᠮᠠᠭ; ᠶᠤᠸᠠᠨ; ᠮᠢᠩ;ᠴᠢᠩ |
Abstract |
ᠬᠣᠩᠬᠢᠷᠠᠳ ᠠᠢᠮᠠᠭ ᠪᠣᠯ ᠤᠮᠠᠷᠠᠲᠤ ᠶᠢᠨ ᠡᠷᠲᠡᠨ ᠤ ᠠᠢᠮᠠᠭ ᠪᠣᠯᠤᠨ᠎ᠠ᠃ ᠯᠢᠶᠤᠤ ᠤᠯᠤᠰ᠂ ᠠᠯᠲᠠᠨ ᠤᠯᠤᠰ ᠤᠨ ᠦᠶ ᠡ ᠳ᠋ᠤ ᠲᠡᠳᠡ ᠨᠢᠭᠡᠨᠲᠡ ᠬᠦᠴᠦᠷᠭᠡᠭ ᠠᠢᠮᠠᠭ ᠪᠣᠯᠵᠤ ᠮᠣᠩᠭᠤᠯ ᠤᠨ ᠦᠨᠳᠦᠷᠢᠯᠢᠭ ᠲᠤ ᠠᠯᠳᠠᠷ ᠨᠡᠷ ᠠ ᠪᠠᠨ ᠮᠠᠨᠳᠤᠭᠤᠯᠵᠠᠢ᠃ ᠮᠣᠩᠭᠤᠯ ᠬᠠᠭᠠᠨᠲᠤ ᠤᠯᠤᠰ ᠤᠨ ᠦᠶ ᠡ ᠳ᠋ᠤ ᠡᠨᠡ ᠠᠢᠮᠠᠭ ᠤᠨ ᠲᠦᠷᠦᠭᠦᠦ ᠨᠢ ᠭᠡᠦᠬᠡᠨ ᠢᠢᠡᠨ ᠴᠢᠩᠬᠢᠰ ᠬᠠᠭᠠᠨ ᠳ᠋ᠤ ᠮᠣᠷᠳᠠᠭᠤᠯᠤᠭᠰᠠᠨ ᠪᠦᠭᠡᠳ ᠲᠦᠷᠦ ᠪᠠᠢᠭᠤᠯᠬᠤ ᠳ᠋ᠤ ᠭᠠᠪᠢᠶ ᠠ ᠵᠢᠳᠭᠦᠯ ᠲᠠᠢ ᠲᠤᠯᠠ ᠬᠠᠭᠠᠨ ᠡᠴᠡ ᠦᠶ᠎ᠡ ᠶᠢᠨ ᠦᠶ ᠡ ᠤᠷᠤᠭ ᠰᠠᠭᠤᠬᠤ ᠪᠡᠷ ᠵᠠᠷᠯᠠᠵᠠᠢ᠃ ᠶᠤᠸᠠᠨ ᠤᠯᠤᠰ ᠤᠨ ᠦᠶ ᠡ ᠳ᠋ᠤ ᠬᠤᠩᠬᠢᠷᠠᠳ ᠠᠢᠮᠠᠭ ᠤᠨ ᠲᠦᠷᠦᠭᠦᠴᠦᠳ ᠬᠠᠭᠠᠨ ᠤ ᠬᠦᠷᠭᠡᠨ ᠪᠣᠯᠳᠠᠭ ᠪᠦᠭᠡᠳ ᠯᠦ ᠸᠠᠩ ᠴᠣᠯᠠ ᠡᠷᠭᠦᠮᠵᠢᠯᠡᠭᠳᠡᠵᠦ ᠢᠩ ᠴᠠᠩ ᠹᠦ᠋ ᠳ᠋ᠤ ᠰᠠᠭᠤᠵᠤ ᠪᠠᠢᠵᠠᠢ᠃ ᠮᠢᠩ ᠤᠯᠤᠰ ᠤᠨ ᠰᠡᠭᠦᠯᠴᠢ ᠪᠡᠷ ᠲᠡᠳᠡ ᠦᠪᠦᠷ ᠬᠠᠯᠬ᠎ᠠ ᠲᠠᠪᠤᠨ ᠤᠲᠤᠭ ᠤᠨ ᠨᠢᠭᠡ ᠨᠢ ᠪᠣᠯᠵᠤ᠂ ᠮᠢᠩ ᠤᠯᠤᠰ ᠤᠨ ᠯᠢᠶᠣᠣ ᠳ᠋ᠦᠩ ᠣᠷᠤᠨ ᠢᠢᠡᠷ ᠠᠵᠢᠯᠯᠠᠭ᠎ᠠ ᠬᠢᠵᠦ ᠪᠠᠢᠪᠠ᠃ ᠴᠢᠩ ᠤᠯᠤᠰ ᠤᠨ ᠦᠶ ᠡ ᠳ᠋ᠤ ᠬᠤᠩᠬᠢᠷᠠᠳ ᠠᠢᠮᠠᠭ ᠤᠨ ᠲᠦᠷᠦᠭᠦᠴᠦᠳ ᠨᠢ ᠮᠠᠨᠵᠤ ᠲᠠᠢ ᠲᠠᠢᠰᠤᠩᠨᠠᠭᠰᠠᠨ ᠪᠠ ᠶᠤᠸᠠᠨ ᠤᠯᠤᠰ ᠤᠨ ᠬᠠᠭᠠᠨ ᠤ ᠤᠲᠤᠭ ᠪᠠᠢᠭᠰᠠᠨ ᠣᠨᠴᠠᠭᠠᠢ ᠪᠠᠢᠳᠠᠯ ᠡᠴᠡ ᠰᠢᠯᠳᠠᠭᠠᠯᠠᠵᠤ ᠲᠡᠳᠡᠨ ᠢ ᠬᠤᠰᠢᠭᠤ ᠬᠤᠪᠢᠶᠠᠨ ᠵᠠᠰᠠᠭ ᠲᠠᠯᠪᠢᠭᠰᠠᠨ ᠦᠭᠡᠢ ᠶᠣᠮ᠃ |
Original Literature |
View Original Paper
|
出自 |
赤峰学院学报(蒙文哲学社会科学版)
2014年
第4期
|