Title |
ᠮᠤᠩᠭ᠋ᠤᠯ ᠡᠸᠦ᠋ᠷᠦᠫᠡ ᠡᠮᠨᠡᠯᠭᠡ ᠶᠢ ᠤᠶᠠᠯᠳᠤᠭᠤᠯᠤᠨ ᠵᠢᠷᠦᠬᠡᠨ ᠤ ᠬᠡᠢ ᠬᠠᠳᠬᠤᠯᠠᠭ᠎ᠠ ᠶᠢ ᠵᠠᠰᠠᠭᠰᠠᠨ 38 ᠵᠢᠱᠢᠶ᠎ᠡ ᠶᠢᠨ ᠡᠮᠴᠢᠯᠡᠭᠡᠨ ᠤ ᠮᠡᠳᠡᠭᠦᠯᠦᠯᠳᠡ |
Creator |
ᠮᠸᠢ ᠷᠦᠩ; ᠪᠠᠢ ᠯᠢ ᠴᠢᠩ |
Keyword |
ᠵᠢᠷᠦᠬᠡᠨ ᠤ ᠬᠡᠢ ᠬᠠᠳᠬᠤᠯᠠᠭ᠎ᠠ; ᠮᠤᠩᠭ᠋ᠤᠯ ᠡᠸᠷᠦ᠋ᠷᠦᠫᠡ ᠡᠮ; ᠵᠠᠰᠠᠬᠤ ᠠᠷᠭ᠎ᠠ |
Abstract |
ᠲᠤᠩᠭ᠋ᠠᠯᠠᠭ ᠴᠦᠪ ᠤᠨ ᠢᠯᠭᠠᠷᠠᠯᠳᠠ ᠶᠢ ᠲᠡᠭᠰᠢᠳᠭᠡᠨ᠂ ᠬᠡᠢ ᠴᠢᠰᠤᠨ ᠤ ᠭᠦᠶᠦᠳᠡᠯ ᠢ ᠰᠠᠢ᠌ᠵᠢᠷᠠᠭᠤᠯᠵᠤ᠂ ᠵᠢᠷᠦᠬᠡᠨ ᠲᠠᠮᠢᠷ ᠢ ᠲᠦᠯᠵᠢᠭᠦᠯᠦᠨ᠂ ᠡᠪᠡᠳᠴᠢᠨ ᠤ ᠪᠤᠳᠠᠳᠤ ᠪᠠᠢ᠌ᠳᠠᠯ ᠲᠠᠢ ᠤᠶᠠᠯᠳᠤᠭᠤᠯᠤᠨ ᠵᠠᠰᠠᠬᠤ ᠵᠠᠷᠴᠢᠮ ᠶᠢᠡᠷ ᠮᠤᠩᠭ᠋ᠤᠯ ᠡᠸᠦ᠋ᠷᠦᠫᠡ ᠡᠮ ᠢ ᠤᠶᠠᠯᠳᠤᠭᠤᠯᠤᠨ 38 ᠵᠢᠱᠢᠶ᠎ᠡ ᠵᠢᠷᠦᠬᠡᠨ ᠬᠠᠳᠬᠤᠯᠠᠭ᠎ᠠ ᠡᠪᠡᠳᠴᠢᠨ ᠢ ᠵᠠᠰᠠᠪᠠ᠃ ᠡᠭᠦᠨ ᠳᠤ ᠡᠳᠡᠭᠡᠷᠡᠭᠰᠡᠨ ᠨᠢ 27 ᠵᠢᠱᠢᠶ᠎ᠡ᠂ ᠰᠠᠢ᠌ᠵᠢᠷᠠᠭᠰᠠᠨ ᠨᠢ 9 ᠵᠢᠱᠢᠶ᠎ᠡ᠂ ᠡᠰᠡ ᠲᠤᠰᠠᠯᠠᠭᠰᠠᠨ ᠨᠢ 2 ᠵᠢᠱᠢᠶ᠎ᠡ ᠪᠠᠢ᠌ᠵᠤ᠂ ᠶᠡᠷᠦᠩᠬᠡᠢ ᠲᠤᠰᠠᠯᠠᠭᠰᠠᠨ ᠨᠤᠷᠮ᠎ᠠ ᠨᠢ 94.7% ᠪᠠᠢ᠌ᠵᠤ᠂ ᠲᠠᠩ ᠭᠠᠭᠴᠠ ᠡᠸᠦ᠋ᠷᠦᠫᠡ ᠡᠮ ᠶᠢᠡᠷ ᠵᠠᠰᠠᠭᠰᠠᠨ 38 ᠵᠢᠱᠢᠶ᠎ᠡ ᠲᠠᠢ ᠬᠠᠷᠢᠴᠠᠭᠤᠯᠬᠤ ᠳᠤ ᠡᠮᠨᠡᠯ ᠤᠨ ᠠᠴᠢ ᠲᠤᠰᠠ ᠨᠢ ᠬᠤᠭᠤᠷᠤᠨᠳᠤ ᠪᠠᠨ ᠢᠯᠡᠳᠳᠡ ᠵᠦᠷᠢᠶ᠎ᠡ (P<0.05)ᠪᠠᠢ᠌ᠵᠤ᠂ ᠮᠤᠩᠭ᠋ᠤᠯ ᠡᠸᠦ᠋ᠷᠦᠫᠡ ᠡᠮ ᠢ ᠤᠶᠠᠯᠳᠤᠭᠤᠯᠤᠨ ᠵᠠᠰᠠᠬᠤ ᠨᠢ ᠠᠴᠢ ᠲᠤᠰᠠ ᠪᠡᠷ ᠰᠠᠢ᠌ᠨ ᠪᠠᠢ᠌ᠨ᠎ᠠ᠃ |
Original Literature |
View Original Paper
|
出自 |
内蒙古民族大学学报(蒙医药学)
2013年
第2期
|