Paper Information


Title ᠬᠤᠭᠤᠷ ᠤᠨ ᠦᠯᠢᠭᠡᠷ ᠦᠨ ᠲᠡᠦᠬᠡᠨ ᠳᠡᠬᠢ ᠬᠡᠳᠦᠨ ᠶᠡᠬᠡ ᠦᠭᠡᠷᠡᠴᠢᠯᠡᠯᠲᠡ
Creator ᠪᠤᠤ ᠵᠢᠨ ᠭᠠᠩ
Keyword ᠬᠤᠭᠤᠷ ᠤᠨ ᠦᠯᠢᠭᠡᠷ; ᠠᠭᠤᠯᠭ᠎ᠠ; ᠬᠡᠯᠪᠡᠷᠢ; ᠦᠭᠡᠷᠡᠴᠢᠯᠡᠯᠲᠡ
Abstract ᠳᠡᠭᠡᠷ᠎ᠡ ᠵᠠᠭᠤᠨ ᠤ 50᠂ 60 ‍ᠭᠠᠳ ᠣᠨ ᠠᠴᠠ ᠣᠳᠣ ᠪᠤᠯᠲᠠᠯᠠᠬᠢ ᠬᠡᠳᠦᠨ ᠠᠷᠪᠠᠨ ᠵᠢᠯ ᠦᠨ ᠬᠤᠭᠤᠷᠤᠨᠳᠤ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠬᠢᠭᠡᠳ ᠵᠠᠷᠢᠮ ᠠᠢᠮᠠᠭ ᠬᠤᠲᠠ ᠶᠢᠨ ᠬᠠᠮᠢᠶ᠎ᠠ ᠪᠦᠬᠦᠢ ᠪᠠᠢᠭᠤᠯᠭ᠎ᠠ ᠨᠢᠭᠡᠴᠢ ᠶᠢᠨ ᠤᠳᠤᠷᠢᠳᠤᠯᠭ᠎ᠠ ᠠᠵᠢᠯᠲᠠᠨ ᠨᠠᠷ ᠤᠬᠠᠮᠰᠠᠷ ᠲᠠᠢ ᠪᠠ ᠵᠤᠷᠢᠯᠭ᠎ᠠ ᠲᠠᠢ ᠪᠠᠷ ᠬᠤᠭᠤᠷ ᠤᠨ ᠦᠯᠢᠭᠡᠷ ᠦᠨ ᠠᠭᠤᠯᠭ᠎ᠠ ᠬᠡᠯᠪᠡᠷᠢ ᠳᠦ ᠬᠡᠳᠦᠨ ᠤᠳᠠᠭᠠᠨ ᠤ ᠶᠡᠬᠡ ᠦᠭᠡᠷᠡᠴᠢᠯᠡᠯᠲᠡ ᠰᠢᠨᠡᠴᠢᠯᠡᠯᠲᠡ ᠬᠢᠵᠦ᠂ ᠠᠭᠤᠯᠭ᠎ᠠ ᠶᠢ ᠨᠢ ᠪᠠᠶᠠᠯᠢᠭᠵᠢᠭᠤᠯᠵᠤ ᠬᠡᠯᠪᠡᠷᠢ ᠶᠢ ᠨᠢ ᠣᠯᠠᠰᠢᠷᠠᠭᠤᠯᠤᠨ ᠬᠦᠭᠵᠢᠯ ᠦᠨ ᠵᠠᠮ ᠢ ᠨᠢ ᠳᠠᠯᠠᠨ ᠦᠷᠭᠡᠵᠢᠭᠦᠯᠪᠡ᠃ ᠲᠡᠳᠡᠭᠡᠷ ᠦᠭᠡᠷᠡᠴᠢᠯᠡᠯᠲᠡ ᠰᠢᠨᠡᠴᠢᠯᠡᠯᠲᠡ ᠪᠡᠷ ᠳᠠᠮᠵᠢᠨ ᠬᠤᠭᠤᠷ ᠤᠨ ᠦᠯᠢᠭᠡᠷ ᠲᠦ ᠵᠦᠪᠬᠡᠨ ᠬᠠᠭᠤᠴᠢᠨ ᠦᠯᠢᠭᠡᠷ ᠪᠤᠶᠤ ᠬᠢᠲᠠᠳ ᠦᠨᠳᠦᠰᠦᠲᠡᠨ ᠦ ᠲᠡᠦᠬᠡᠨ ᠷᠤᠮᠠᠨ ᠢ ᠯᠠ ᠬᠡᠯᠡᠳᠡᠭ ᠪᠢᠰᠢ᠂ ᠬᠠᠷᠢᠨ ᠪᠠᠰᠠ ᠡᠪ ᠬᠠᠮᠲᠤ ᠨᠠᠮ ᠤᠨ ᠲᠡᠦᠬᠡᠲᠦ ᠬᠡᠷᠡᠭ ᠤᠴᠢᠷ ᠢ ᠳᠤᠰᠬᠠᠨ ᠬᠠᠷᠠᠭᠤᠯᠤᠭᠰᠠᠨ ᠰᠢᠨ᠎ᠡ ᠦᠯᠢᠭᠡᠷ ᠪᠡ ᠮᠣᠩᠭᠤᠯ ᠦᠨᠳᠦᠰᠦᠲᠡᠨ ᠦ ᠠᠮᠢᠳᠤᠷᠠᠯ ᠲᠡᠮᠡᠴᠡᠯ ᠯᠦᠭᠡ ᠬᠤᠯᠪᠤᠭ᠎ᠠ ᠪᠦᠬᠦᠢ ᠡᠳᠦᠢ ᠲᠡᠳᠦᠢ ᠦᠯᠢᠭᠡᠷ ᠦᠳ ᠢ ᠬᠡᠯᠡᠬᠦ ᠪᠤᠯᠪᠠ᠃ ᠪᠠᠰᠠ ᠬᠤᠭᠤᠷ ᠤᠨ ᠦᠯᠢᠭᠡᠷ ᠢ ᠵᠦᠪᠬᠡᠨ ᠨᠢᠭᠡ ᠯᠡ ᠬᠦᠮᠦᠨ ᠬᠡᠯᠡᠳᠡᠭ ᠪᠢᠰᠢ᠂ ᠬᠠᠷᠢᠨ ᠪᠠᠰᠠ ᠬᠤᠶᠠᠷ ᠬᠦᠮᠦᠨ ᠪᠤᠶᠤ ᠬᠡᠳᠦᠨ ᠬᠦᠮᠦᠨ᠂ ᠡᠰᠡᠭᠦᠯ ᠡ ᠣᠯᠠᠨ ᠬᠦᠮᠦᠨ ᠬᠡᠯᠡᠬᠦ ᠪᠤᠯᠤᠭᠰᠠᠨ ᠪᠦᠭᠡᠳ ᠵᠠᠷᠢᠮ ᠳᠠᠭᠠᠨ ᠪᠠᠰᠠ ᠨᠢᠭᠡ ᠬᠦᠮᠦᠨ ᠬᠡᠯᠡᠵᠦ ᠨᠢᠭᠡ ᠬᠦᠮᠦᠨ ᠱᠠᠨᠵᠠ ᠪᠠᠷ ᠬᠠᠪᠰᠤᠷᠭᠠᠨ ᠬᠦᠭᠵᠢᠮᠳᠡᠵᠦ᠂ ᠬᠤᠶᠠᠷ ᠬᠦᠮᠦᠨ ᠬᠡᠯᠡᠵᠦ ᠨᠢᠭᠡ ᠬᠦᠮᠦᠨ ᠱᠠᠨᠵᠠ ᠪᠠᠷ ᠬᠠᠪᠰᠤᠷᠭᠠᠨ ᠬᠦᠭᠵᠢᠮᠳᠡᠬᠦ ᠪᠤᠯᠪᠠ᠃
Original Literature View Original Paper
出自 中国蒙古学 2015年 第2期

联系我们


内蒙古大学图书馆
呼和浩特市大学西路235号
中国·内蒙古
P: (0471) 4992561
E: huangfeilong@imu.edu.cn