Paper Information


Title ᠮᠣᠩᠭᠤᠯ ᠬᠡᠯᠡ ᠪᠡ ᠠᠩᠭ᠍ᠯᠢ ᠬᠡᠯᠡᠨ ᠦ ᠲᠦᠯᠦᠭᠡᠨ ᠦ ᠦᠭᠡ ᠶᠢᠨ ᠬᠡᠯᠪᠡᠷᠢ ᠬᠢᠭᠡᠳ ᠴᠢᠳᠠᠮᠵᠢ ᠶᠢᠨ ᠲᠤᠬᠠᠢ ᠬᠠᠷᠢᠴᠠᠭᠤᠯᠤᠯ
Creator ᠣᠳᠤᠨ
Keyword ᠮᠣᠩ᠋ᠭᠤᠯ ᠬᠡᠯᠡ; ᠠᠩᠭ᠍ᠯᠢ ᠬᠡᠯᠡ; ᠲᠦᠯᠦᠭᠡᠨ ᠦ ᠦᠭᠡ; ᠦᠭᠡ ᠪᠦᠲᠦᠭᠡᠬᠦ ᠠᠷᠭ᠎ᠠ
Abstract ᠮᠣᠩ᠋ᠭᠤᠯ ᠬᠡᠯᠡ ᠪᠤᠯ ᠠᠯᠳᠠᠢ ᠢᠵᠠᠭᠤᠷ ᠬᠡᠯᠡᠨ ᠳᠦ ᠪᠠᠭᠲᠠᠵᠤ᠂ ᠠᠩᠭ᠍ᠯᠢ ᠬᠡᠯᠡ ᠨᠢ ᠡᠨᠡᠳᠬᠡᠭ᠌ ᠡᠸᠦᠷᠦᠫᠡ ᠢᠵᠠᠭᠤᠷ ᠬᠡᠯᠡᠨ ᠳᠦ ᠪᠠᠭᠲᠠᠨ᠎ᠠ᠃ ᠮᠣᠩ᠋ᠭᠤᠯ ᠬᠡᠯᠡ ᠪᠤᠯ ᠵᠠᠯᠭᠠᠮᠠᠯ ᠰᠢᠨᠵᠢᠲᠡᠢ ᠬᠡᠯᠡ᠂ ᠠᠩᠭ᠍ᠯᠢ ᠬᠡᠯᠡ ᠪᠤᠯ ᠵᠠᠳᠠᠯᠤᠭ ᠰᠢᠨᠵᠢᠲᠡᠢ ᠬᠡᠯᠡ᠃ ᠮᠣᠩ᠋ᠭᠤᠯ ᠠᠩᠭ᠍ᠯᠢ ᠬᠡᠯᠡ ᠬᠡᠳᠦᠢ᠌ᠪᠡᠷ ᠬᠤᠶᠠᠷ ᠲᠦᠷᠦᠯ ᠦᠨ ᠢᠵᠠᠭᠤᠷ ᠭᠠᠷᠤᠯ ᠲᠠᠢ ᠬᠡᠯᠡ ᠪᠤᠯᠪᠠᠴᠤ ᠮᠣᠩ᠋ᠭᠤᠯ ᠦᠰᠦᠭ ᠪᠡ ᠠᠩᠭ᠍ᠯᠢ ᠦᠰᠦᠭ ᠪᠤᠯ ᠴᠦᠮ ᠠᠪᠢᠶᠠᠨ ᠤ ᠦᠰᠦᠭ ᠪᠤᠯᠬᠤᠷ ᠠᠪᠢᠶᠠᠴᠢᠯᠠᠨ ᠪᠢᠴᠢᠬᠦ᠂ ᠦᠭᠡ ᠪᠦᠲᠦᠭᠡᠬᠦ ᠠᠷᠭ᠎ᠠ ᠵᠡᠷᠭᠡ ᠠᠪᠢᠶᠠᠨ ᠵᠦᠢ᠂ ᠦᠭᠡ ᠵᠦᠢ ᠪᠤᠯᠤᠨ ᠦᠭᠡᠰ ᠦᠨ ᠰᠠᠩ ᠤᠨ ᠠᠢ ᠳᠤ ᠣᠯᠠᠨ ᠠᠷᠪᠢᠨ ᠠᠳᠠᠯᠢᠪᠲᠤᠷ ᠲᠠᠯ᠎ᠠ ᠪᠠᠢ᠋ᠳᠠᠭ᠃ ᠡᠳᠡᠭᠡᠷ ᠠᠳᠠᠯᠢᠪᠲᠤᠷ ᠲᠠᠯ᠎ᠠ ᠨᠢ ᠠᠩᠭ᠍ᠯᠢ ᠬᠡᠯᠡ ᠰᠤᠷᠬᠤ ᠶᠠᠪᠤᠴᠠ ᠳᠤ ᠢᠳᠡᠪᠬᠢ ᠦᠢᠯᠡᠳᠦᠯ ᠦᠵᠡᠭᠦᠯᠳᠡᠭ᠃ ᠲᠤᠰ ᠦᠭᠦᠯᠡᠯ ᠳᠦ ᠭᠤᠤᠯᠳᠠᠭᠤ ᠵᠢᠭᠠᠬᠤ ᠲᠦᠯᠦᠭᠡᠨ ᠦ ᠦᠭᠡ᠂ ᠪᠡᠶ᠎ᠡ ᠶᠢᠨ ᠲᠦᠯᠦᠭᠡᠨ ᠦ ᠦᠭᠡ᠂ ᠡᠵᠡᠨ ᠪᠡᠶ᠎ᠡ ᠶᠢᠨ ᠲᠦᠯᠦᠭᠡᠨ ᠦ ᠦᠭᠡ ᠪᠡ ᠲᠦᠯᠦᠭᠡᠨ ᠦ ᠦᠭᠡ ᠪᠡᠷ ᠵᠢᠱᠢᠶᠡᠯᠡᠵᠦ᠂ ᠳᠠᠭᠠᠯᠳᠤᠭᠤᠯᠤᠨ ᠦᠭᠡ ᠪᠦᠲᠦᠭᠡᠬᠦ ᠠᠷᠭ᠎ᠠ ᠶᠢᠨ ᠲᠠᠯ᠎ᠠ ᠠᠴᠠ ᠮᠣᠩ᠋ᠭᠤᠯ ᠠᠩᠭ᠍ᠯᠢ ᠬᠤᠶᠠᠷ ᠦᠭᠡ ᠶᠢ ᠠᠳᠠᠯᠢᠳᠬᠠᠬᠤ ᠢᠵᠢᠯᠢ ᠲᠠᠯ᠎ᠠ ᠪᠠ ᠢᠯᠭᠠᠭ᠎ᠠ ᠵᠦᠷᠢᠶ᠎ᠡ ᠶᠢ ᠬᠠᠷᠢᠴᠠᠭᠤᠯᠤᠨ ᠮᠣᠩ᠋ᠭᠤᠯ ᠰᠤᠷᠤᠭᠴᠢᠳ ᠤᠨ ᠠᠩᠭ᠍ᠯᠢ ᠬᠡᠯᠡ ᠰᠤᠷᠬᠤ ᠳᠤ ᠳᠡᠮᠵᠢᠯᠭᠡ ᠪᠤᠯᠵᠤ ᠳᠦᠭᠦᠮ ᠦᠵᠡᠭᠦᠯᠬᠦ ᠶᠢ ᠬᠦᠰᠡᠭᠰᠡᠨ ᠪᠠᠢ᠌ᠨ᠎ᠠ᠃
Original Literature View Original Paper
出自 中国蒙古学 2014年 第2期

联系我们


内蒙古大学图书馆
呼和浩特市大学西路235号
中国·内蒙古
P: (0471) 4992561
E: huangfeilong@imu.edu.cn