论文信息


题名 ᠲᠡᠥᠬᠡᠨ ᠲᠡᠮᠳᠡᠭᠯᠡᠯ ᠡᠴᠡ ᠬᠣᠷᠴᠢᠨᠴᠤᠳ ᠤᠨ ᠪᠣᠳ᠋ᠳ᠋ᠾᠨ ᠶᠢᠨ ᠱᠠᠰᠢᠨ ᠤ ᠰᠣᠶᠣᠯ ᠤᠨ ᠣᠷᠤ ᠮᠦᠷ ᠢ ᠬᠠᠢ᠌ᠬᠤ ᠨᠢ
作者 ᠬᠠᠰᠴᠢᠯᠠᠭᠤ
关键词 ᠲᠡᠥᠬᠡᠨ ᠲᠡᠮᠳᠡᠭᠯᠡᠯ; ᠬᠣᠷᠴᠢᠨ; ᠪᠣᠳ᠋ᠳ᠋ᠾᠨ ᠶᠢᠨ ᠱᠠᠰᠢᠨ ᠤ ᠰᠣᠶᠣᠯ; ᠨᠠᠢ᠌ᠴᠢ ᠲᠤᠢ᠌ᠨ ᠬᠣᠳᠣᠭᠲᠤ; ᠰᠦᠮ᠎ᠡ ᠭᠡᠢ᠌ᠳ
摘要 17 ᠳ᠋ᠤᠭᠠᠷ ᠵᠠᠭᠤᠨ ᠤ ᠬᠣᠷᠢᠭᠠᠳ ᠣᠨ ᠡᠴᠡ ᠡᠬᠢᠯᠡᠨ ᠬᠣᠷᠴᠢᠨ ᠳᠤ ᠪᠣᠳ᠋ᠳ᠋ᠾᠨ ᠶᠢᠨ ᠱᠠᠰᠢᠨ ᠤᠯᠠᠮᠵᠢᠯᠠᠵᠤ ᠪᠠᠢ᠌ᠵᠠᠢ ᠭᠡᠵᠦ ᠡᠷᠳᠡᠮᠲᠡᠳ ᠦᠵᠡᠵᠦ ᠪᠣᠢ᠃ ᠬᠣᠷᠴᠢᠨᠴᠤᠳ ᠤᠨ ᠳᠤᠮᠳᠠ ᠪᠣᠳ᠋ᠳ᠋ᠾᠨ ᠶᠢᠨ ᠱᠠᠰᠢᠨ ᠦᠷᠭᠡᠨ ᠢᠶᠡᠷ ᠳᠡᠯᠭᠡᠷᠡᠭᠰᠡᠨ ᠨᠢ 17 ᠳ᠋ᠤᠭᠠᠷ ᠵᠠᠭᠤᠨ ᠤ ᠭᠤᠴᠢᠭᠠᠳ ᠣᠨ ᠤ ᠡᠬᠢᠨ ᠪᠠᠢ᠌ᠵᠤ᠂ ᠨᠡᠢ᠌ᠴᠢ ᠳᠤᠢ᠌ᠨ ᠬᠣᠳᠣᠭᠲᠤ ᠡᠭᠦᠨ ᠳᠥ ᠰᠢ᠌ᠳᠪᠦᠷᠢᠯᠡᠭᠴᠢ ᠦᠢᠯᠡᠳᠦᠯ ᠦᠵᠡᠭᠦᠯᠵᠡᠢ᠃ ᠬᠣᠷᠴᠢᠨ ᠨᠤᠲᠤᠭ ᠲᠤ ᠣᠯᠠᠨ ᠰᠦᠮ᠎ᠡ ᠭᠡᠢ᠌ᠳ ᠪᠠᠢ᠌ᠭᠤᠯᠤᠭᠳᠠᠵᠤ᠂ ᠢᠯᠠᠩᠭ᠋ᠤᠶ᠎ᠠ 1680 ᠣᠨ ᠳᠤ ᠡᠩᠬᠡ ᠠᠮᠤᠭᠤᠯᠠᠩ ᠬᠠᠭᠠᠨ ᠵᠠᠷᠯᠢᠭ ᠪᠠᠭᠤᠯᠭᠠᠨ ᠮᠣᠩᠭᠣᠯ ᠣᠷᠤᠨ ᠳᠤ ᠡᠷᠬᠡᠪᠰᠢ ᠰᠦᠮ᠎ᠡ ᠭᠡᠢ᠌ᠳ ᠪᠠᠢ᠌ᠭᠤᠯᠬᠤ ᠶᠢ ᠱᠠᠭᠠᠷᠲᠠᠵᠤ᠂ ᠬᠤᠰᠢᠭᠤ ᠪᠦᠷᠢ ᠳᠤ 30 ᠬᠤᠸᠠᠷᠠᠭ ᠤᠨ ᠲᠦᠳᠢᠶ᠎ᠡ ᠣᠯᠭᠤᠭᠰᠠᠨ ᠡᠴᠡ᠂ ᠰᠦᠮ᠎ᠡ ᠭᠡᠢ᠌ᠳ ᠨᠡᠩ ᠣᠯᠠᠰᠢᠷᠠᠨ᠂ ᠯᠠᠮᠠ ᠶᠢᠨ ᠲᠣᠭ᠎ᠠ ᠦᠳᠲᠡᠷ ᠨᠡᠮᠡᠭᠳᠡᠪᠡ᠃ ᠰᠡᠭᠦᠯᠳᠡᠵᠦ ᠢᠷᠡᠭᠡᠳ ᠴᠠᠭ ᠦᠶ᠎ᠡ ᠶᠢᠨ ᠬᠣᠪᠢᠷᠠᠯᠲᠠ ᠪᠠ ᠪᠠᠢ᠌ᠭᠠᠯᠢ ᠶᠢᠨ ᠭᠠᠮᠰᠢᠭ ᠬᠦᠮᠦᠨ ᠦ ᠬᠦᠨᠦᠭᠡᠯ ᠡᠴᠡ ᠪᠣᠯᠵᠤ᠂ ᠣᠯᠠᠩᠬᠢ ᠰᠦᠮ᠎ᠡ ᠨᠢ ᠡᠪᠳᠡᠭᠳᠡᠨ ᠰᠦ᠌ᠳᠴᠦ᠂ ᠦᠯᠡᠳᠡᠵᠦ ᠬᠣᠴᠤᠷᠤᠭᠰᠠᠨ ᠨᠢ ᠠᠷᠠᠢ ᠠᠷᠪᠠ ᠬᠦᠷᠬᠦ ᠦᠭᠡᠢ ᠪᠣᠯᠵᠠᠢ᠃ ᠣᠷᠴᠢᠮ ᠤᠨ ᠵᠢᠯ ᠤᠳ ᠲᠤ᠂ ᠡᠳᠡᠭᠡᠷ ᠡᠪᠳᠡᠷᠬᠡᠢ ᠪᠠᠯᠪᠠᠷᠬᠠᠢ ᠰᠦᠮ᠎ᠡ ᠭᠡᠢ᠌ᠳ ᠨᠠᠮ ᠵᠠᠰᠠᠭ ᠤᠨ ᠰᠠᠢ᠌ᠨ ᠢᠶᠡᠷ ᠰᠡᠷᠭᠦᠭᠡᠭ᠍ᠳᠡᠨ ᠵᠠᠰᠠᠭᠳᠠᠵᠤ ᠰᠢᠨ᠎ᠡ ᠠᠮᠢᠯᠠᠯ ᠢᠶᠡᠨ ᠣᠯᠪᠠ᠃ ᠪᠣᠳ᠋ᠳ᠋ᠾᠨ ᠶᠢᠨ ᠱᠠᠰᠢᠨ ᠤ ᠰᠣᠶᠣᠯ ᠨᠢᠭᠡ ᠵᠦᠢᠯ ᠤᠨ ᠣᠨᠴᠠᠭᠠᠢ ᠰᠣᠶᠣᠯ ᠤᠨ ᠬᠣᠪᠢ ᠳᠤ᠂ ᠣᠯᠠᠨ ᠵᠢᠯ ᠤᠨ ᠲᠣᠷᠰᠢ ᠬᠣᠷᠴᠢᠨᠴᠤᠳ ᠤᠨ ᠣᠯᠠᠮᠵᠢᠯᠠᠯᠲᠤ ᠰᠣᠶᠣᠯ ᠤᠨ ᠬᠦᠭ᠍ᠵᠢᠯᠲᠡ ᠶᠢ ᠨᠦᠯᠦᠭᠡᠯᠡᠭᠰᠡᠭᠡᠷ ᠢᠷᠡᠵᠡᠢ᠃
原文 查看原文
出自 内蒙古民族大学学报(社会科学) 2009年 第4期

联系我们


内蒙古大学图书馆
呼和浩特市大学西路235号
中国·内蒙古
P: (0471) 4992561
E: huangfeilong@imu.edu.cn