题名 |
《ᠮᠣᠩᠭᠣᠯ ᠤᠨ ᠨᠢᠭᠤᠴᠠ ᠲᠣᠪᠴᠢᠶᠠᠨ》 ᠳ᠋ᠤ ᠳᠡᠮᠳᠡᠭᠯᠡᠭᠳᠡᠭᠰᠡᠨ ᠡᠷᠲᠡᠨ ᠦ ᠮᠣᠩᠭ᠋ᠣᠯᠴᠤᠳ ᠤᠨ ᠰᠤᠷᠠᠭ ᠮᠡᠳᠡᠭᠡ ᠳᠠᠮᠵᠢᠭᠤᠯᠭ᠎ᠠ |
作者 |
ᠰᠠᠷᠠᠨ᠎ᠠ |
关键词 |
ᠰᠤᠷᠠᠭ ᠮᠡᠳᠡᠭᠡ; ᠬᠡᠯᠡ ᠬᠦᠷᠭᠡᠬᠦ; ᠳᠠᠭᠤᠤ ᠪᠠᠷᠢᠭᠤᠯᠬᠤ; ᠰᠢᠯᠦᠭ ᠪᠠᠷᠢᠭᠤᠯᠬᠤ; ᠳᠣᠬᠢᠶ᠎ᠠ ᠲᠡᠮᠳᠡᠭ; ᠰᠤᠷᠠᠭ ᠮᠡᠳᠡᠭᠡ ᠶᠢᠨ ᠰᠢᠰᠲ᠋ᠸᠮ |
摘要 |
ᠡᠷᠲᠡᠨ ᠦ ᠮᠡᠩᠭ᠋ᠤᠯᠴᠤᠳ ᠤᠨ ᠰᠤᠷᠠᠭ ᠮᠡᠳᠡᠭᠡ ᠶᠢ ᠬᠡᠷᠬᠢᠨ ᠳᠠᠮᠵᠢᠭᠤᠯᠵᠤ ᠠᠰᠢᠭᠯᠠᠵᠤ ᠪᠠᠢ᠌ᠭᠰᠠᠨ ᠪᠠᠢ᠌ᠳᠠᠯ ᠢ ᠣᠢ᠌ᠯᠠᠭᠠᠬᠤ ᠶᠢᠨ ᠡᠭᠦᠳᠡᠨ ᠡᠴᠡ《ᠮᠣᠩᠭᠣᠯ ᠤᠨ ᠨᠢᠭᠤᠴᠠ ᠲᠣᠪᠴᠢᠶᠠᠨ》 ᠡᠴᠡ ᠬᠠᠩᠭ᠋ᠠᠭᠰᠠᠨ ᠮᠠᠲ᠋ᠸᠷᠢᠶᠠᠯ ᠢ ᠨᠢᠭᠲᠠᠯᠠᠨ ᠣᠩᠰᠢᠵᠤ᠂ ᠲᠡᠭᠦᠨ ᠡᠴᠡ ᠰᠤᠷᠠᠭ ᠮᠡᠳᠡᠭᠡ ᠨᠡᠪᠲᠡᠷᠡᠯᠴᠡᠭᠡᠨ ᠤ ᠤᠳᠠᠭ᠎ᠠ ᠲᠣᠭ᠎ᠠ ᠶᠢ ᠪᠦᠷᠢᠳᠭᠡᠨ ᠭᠠᠷᠭᠠᠭᠠᠳ᠂ ᠳᠠᠬᠢᠨ ᠨᠡᠪᠲᠡᠷᠡᠯᠴᠡᠭᠡᠨ ᠦ ᠠᠷᠭ᠎ᠠ ᠵᠠᠮ ᠢᠶᠡᠷ ᠨᠢ ᠬᠡᠯᠡ ᠬᠦᠷᠭᠡᠬᠦ᠂ ᠳᠠᠭᠤᠤ ᠰᠢᠯᠦᠭ ᠪᠠᠷᠢᠭᠤᠯᠬᠤ᠃ ᠳᠣᠬᠢᠶ᠎ᠠ ᠲᠡᠮᠳᠡᠭ ᠢᠶᠡᠷ ᠮᠡᠳᠡᠭᠡᠯᠡᠬᠦ ᠭᠤᠷᠪᠠᠨ ᠵᠦᠢᠯ ᠳᠥ ᠠᠩᠭᠢᠴᠢᠯᠠᠨ ᠰᠣᠳᠤᠯᠪᠠ᠃ ᠮᠣᠩᠭᠣᠯ ᠤᠨ ᠡᠵᠡᠨᠲᠦ ᠤᠯᠤᠰ ᠤᠨ ᠦᠶ᠎ᠡ ᠳᠥ ᠰᠤᠷᠠᠭ ᠮᠡᠳᠡᠭᠡ ᠨᠢ ᠲᠦᠷᠦ ᠵᠠᠰᠠᠭ ᠤᠨ ᠪᠠᠢ᠌ᠭᠤᠯᠤᠯᠲᠠ᠂ ᠴᠡᠷᠢᠭ ᠳᠠᠢ᠌ᠨ ᠳᠤ ᠴᠢᠬᠤᠯᠠ ᠬᠡᠷᠡᠭᠯᠡᠬᠦᠷ ᠪᠣᠯᠵᠤ ᠣᠨᠴᠠ ᠦᠢᠯᠡᠳᠦᠯ ᠦᠵᠡᠭᠦᠯᠵᠦ ᠪᠠᠢ᠌ᠭᠰᠠᠨ ᠪᠠ ᠮᠡᠳᠡᠭᠡᠯᠡᠭᠴᠢ ᠪᠦᠯᠬᠦᠮ᠂ ᠡᠯᠴᠢ ᠶᠢᠨ ᠪᠦᠯᠬᠦᠮ ᠭᠡᠵᠦ ᠪᠠᠢ᠌ᠵᠦ ᠬᠠᠭᠠᠨ ᠤ ᠠᠬ᠎ᠠ ᠳᠡᠭᠦᠦ ᠡᠴᠡ ᠬᠠᠷᠠᠴᠤ ᠠᠷᠠᠳ᠂ ᠨᠦᠬᠦᠷᠰᠡᠭ ᠡᠲᠡᠭᠡᠳ᠂ ᠳᠠᠢ᠌ᠰᠤᠨ ᠡᠳᠡᠭᠡᠳ ᠦᠨ ᠬᠦᠮᠦᠨ ᠳᠥ ᠬᠦᠷᠲᠡᠯ᠎ᠡ ᠬᠠᠭᠠᠨ ᠡᠵᠡᠨ ᠳᠥ ᠰᠤᠷᠠᠭ ᠮᠡᠳᠡᠭᠡ ᠬᠦᠷᠭᠡᠨ ᠭᠦᠶᠦᠯᠴᠡᠳᠡᠭ ᠬᠦᠴᠦᠷᠭᠡᠭ᠌ ᠶᠡᠬᠡ ᠰᠤᠷᠠᠭ ᠮᠡᠳᠡᠭᠡᠨ ᠦ ᠰᠢᠰᠲ᠋ᠸᠮ ᠪᠦᠷᠢᠯᠳᠦᠭᠰᠡᠨ ᠪᠠᠢ᠌ᠨ᠎ᠠ᠃ |
原文 |
查看原文
|
出自 |
内蒙古民族大学学报(社会科学)
2008年
第1期
|