题名 |
《ᠵᠢᠩᠭᠠᠷ》 ᠤᠨ ᠲᠤᠤᠯᠢ ᠳ᠋ᠡᠬᠢ ᠵᠦᠢᠷ ᠰᠡᠴᠡᠨ ᠦᠭᠡ ᠶᠢᠨ ᠭᠤᠤ ᠠ ᠰᠠᠢᠬᠠᠨ ᠤ ᠰᠢᠨᠵᠢ |
作者 |
ᠡᠷᠳᠡᠨᠢᠭᠤᠤ ᠠ |
关键词 |
《ᠵᠢᠩᠭᠠᠷ》 ᠤᠨ ᠲᠤᠤᠯᠢ; ᠵᠦᠢᠷ ᠰᠡᠴᠡᠨ ᠦᠭᠡ; ᠭᠤᠤ ᠠ ᠰᠠᠢᠬᠠᠨ ᠤ ᠰᠢᠨᠵᠢ |
摘要 |
《ᠵᠢᠩᠭᠠᠷ》 ᠤᠨ ᠲᠤᠤᠯᠢ ᠳ᠋ᠤ ᠣᠷᠴᠢᠨ ᠲᠤᠭᠤᠷᠢᠨ ᠤ ᠵᠢᠷᠤᠭᠯᠠᠯ ᠡᠴᠡ ᠡᠬᠢᠯᠠᠨ ᠤᠷᠳᠤ ᠬᠠᠷᠰᠢ᠂ ᠪᠠᠭᠠᠳᠤᠳ ᠤᠨ ᠰᠦᠷ ᠬᠦᠴᠦᠨ ᠬᠢᠭᠡᠳ ᠬᠠᠲᠤᠳ ᠤᠨ ᠤᠬᠠᠭᠠᠨ ᠰᠠᠨᠠᠭ᠎ᠠ᠂ ᠭᠤᠤ ᠠ ᠦᠵᠡᠰᠭᠦᠯᠡᠩ ᠲᠦᠷᠢ ᠲᠦᠷᠬᠦ ᠵᠢᠴᠢ ᠬᠦᠯᠦᠭ ᠤᠨᠠᠭ᠎ᠠ ᠶᠢᠨ ᠬᠦᠩᠭᠡᠨ ᠲᠦᠷᠭᠡᠨ ᠭᠦᠶᠦᠳᠡᠯ ᠢ ᠶᠡᠷᠦ ᠳ᠋ᠡᠭᠡᠨ ᠤᠷᠠᠨ ᠲᠦᠷᠰᠦᠯᠢᠭ ᠵᠦᠢᠷ ᠰᠡᠴᠡᠨ ᠦᠭᠡ ᠪᠡᠷ ᠢᠯᠡᠳᠭᠡᠳᠡᠭ ᠨᠢ ᠲᠡᠭᠦᠨ ᠤ ᠵᠣᠬᠢᠶᠠᠮᠵᠢ ᠤᠷᠠᠯᠢᠭ ᠤᠨ ᠴᠢᠬᠤᠯᠠ ᠠᠷᠭ᠎ᠠ ᠪᠠᠷᠢᠯ ᠪᠣᠯᠤᠨ᠎ᠠ᠃ ᠲᠠᠷᠤᠢ ᠪᠠᠭᠠᠲᠤᠳ ᠤᠨ ᠲᠠᠢᠨ ᠪᠠᠢᠯᠳᠤᠭᠠᠨ᠂ ᠤᠷᠤᠭ ᠬᠣᠷᠢᠮ᠂ ᠠᠨᠳᠠ ᠪᠣᠯᠤᠯᠴᠠᠬᠤ ᠮᠡᠲᠦ ᠶᠢᠨ ᠲᠤᠤᠯᠢ ᠶᠢᠨ ᠦᠳᠦᠰᠦᠨ ᠦᠢᠯᠡ ᠶᠠᠪᠤᠳᠠᠯ ᠤᠨ ᠲᠤᠮᠳᠠ ᠵᠦᠢᠷ ᠰᠡᠴᠡᠨ ᠦᠭᠡ ᠪᠡᠷ ᠪᠠᠭᠠᠲᠤᠳ ᠢᠢᠡᠨ ᠮᠠᠭᠲᠠᠨ ᠰᠠᠢᠰᠢᠶᠠᠬᠤ᠂ ᠮᠠᠭᠤᠰᠢᠶᠠᠨ ᠲᠤᠷᠤᠮᠵᠢᠯᠠᠬᠤ(ᠡᠰᠡᠷᠭᠦ ᠡᠳᠡᠭᠡᠳ ᠢᠢᠡᠨ)᠂ ᠰᠤᠷᠭᠠᠨ ᠲᠤᠳᠤᠮᠲᠠᠬᠤ ᠪᠣᠶᠣ ᠢᠳᠬᠠᠨ ᠰᠠᠨᠠᠭᠤᠯᠬᠤ ᠦᠵᠡᠭᠳᠡᠯ ᠤᠯᠠᠨ ᠬᠠᠷᠠᠭᠳᠠᠬᠤ ᠲᠤᠤᠯᠢ ᠶᠢᠨ ᠰᠣᠶᠣᠯ ᠤᠨ ᠠᠭᠠᠯᠬᠤᠨ ᠢ ᠦᠡᠭᠡᠳᠭᠡᠵᠡᠢ᠃ ᠲᠤᠰ ᠦᠭᠦᠯᠡᠯ ᠳ᠋ᠤ᠂ 《ᠵᠢᠩᠭᠠᠷ》 ᠲᠡᠬᠢ ᠵᠦᠢᠷ ᠰᠡᠴᠡᠨ ᠦᠭᠡ ᠡᠴᠡ ᠭᠤᠤᠯᠳᠠᠭᠤ ᠰᠤᠷᠭᠠᠯ ᠴᠡᠭᠡᠷᠡᠯᠡᠯ ᠤᠨ ᠠᠴᠢ ᠬᠤᠯᠪᠤᠭᠳᠠᠯ ᠪᠦᠬᠦᠢ ᠵᠦᠢᠷ ᠰᠡᠴᠡᠨ ᠦᠭᠡ ᠬᠢᠭᠡᠳ ᠪᠠᠭᠠᠲᠤᠳ ᠤᠨ ᠢᠳᠡ ᠬᠦᠴᠦ᠂ ᠤᠶᠣᠨ ᠤᠬᠠᠭᠠᠨ ᠢ ᠪᠢᠰᠢᠷᠡᠵᠦ ᠭᠠᠢᠬᠠᠭᠰᠠᠨ᠂ ᠦᠢᠯᠠ ᠬᠦᠳᠡᠯᠦᠯ ᠤᠨ ᠬᠤᠷᠳᠤᠨ ᠲᠦᠷᠭᠡᠨ ᠢ ᠢᠯᠡᠳᠭᠡᠭᠰᠡᠨ ᠵᠢᠴᠢ ᠡᠶ ᠡ ᠡᠪ ᠤᠨ ᠵᠣᠷᠢᠭ ᠰᠠᠨᠠᠭ᠎ᠠ ᠲᠠᠢ ᠬᠤᠯᠪᠤᠭᠳᠠᠭᠰᠠᠨ ᠵᠦᠢᠷ ᠰᠡᠴᠡᠨ ᠦᠭᠡ ᠭᠡᠬᠦ ᠮᠡᠳᠦ ᠬᠡᠳᠦᠨ ᠲᠠᠯ ᠠ ᠡᠴᠡ ᠬᠠᠢᠨ ᠰᠢᠨᠵᠢᠯᠡᠵᠦ᠂ ᠲᠡᠳᠡᠭᠡᠷ ᠤᠨ ᠬᠦᠨ ᠤᠬᠠᠭᠠᠨᠯᠢᠰ ᠱᠢᠨᠵᠢ᠂ ᠭᠤᠤ ᠠ ᠰᠠᠢᠬᠠᠨ ᠤ ᠰᠢᠨᠵᠢ ᠵᠢ ᠢᠯᠡᠷᠡᠭᠦᠯᠬᠦ ᠵᠢ ᠵᠣᠷᠢᠪᠠ᠃ |
原文 |
查看原文
|
出自 |
内蒙古师范大学学报
2011年
第1期
|