题名 |
ᠮᠤᠩᠭ᠋ᠤᠯ ᠡᠮ ᠨᠠᠢ᠌ᠢᠷᠠᠯᠭᠠ ᠶᠢ ᠬᠢᠨᠠᠨ ᠲᠤᠭᠳᠠᠭᠠᠬᠤ ᠪᠠ ᠪᠠᠢ᠌ᠢᠴᠠᠭᠠᠬᠤ ᠲᠤᠷᠰᠢᠯᠳᠠ ᠶᠢᠨ ᠠᠷᠭ᠎ᠠ ᠶᠢᠨ ᠰᠤᠳᠤᠯᠭ᠎ᠠ |
作者 |
ᠳ᠋ᠠᠢ ᠨᠠᠶᠠᠨᠳᠠᠢ; ᠨᠠᠷᠠᠨᠴᠤᠭᠳᠤ; ᠸᠠᠩ ᠴᠢᠩ ᠬᠤ |
关键词 |
ᠮᠤᠩᠭ᠋ᠤᠯ ᠡᠮ ᠨᠠᠢᠷᠠᠯᠭ᠎ᠠ; ᠬᠢᠮᠢ ᠹᠢᠽᠢᠺ ᠤᠨ ᠬᠢᠨᠠᠨ ᠲᠤᠭᠳᠠᠭᠠᠬᠤ ᠠᠷᠭ᠎ᠠ; ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ; ᠬᠢᠨᠠᠨ ᠲᠤᠭᠳᠠᠭᠠᠯᠳᠠ; ᠪᠠᠢ᠌ᠴᠠᠭᠠᠯᠳᠠ |
摘要 |
ᠵᠤᠷᠢᠯᠭ᠎ᠠ᠄ 4 ᠵᠦᠢᠯ ᠤᠨ ᠮᠤᠩᠭ᠋ᠤᠯ ᠡᠮ ᠨᠠᠢ᠌ᠷᠠᠯᠭ᠎ᠠ ᠶᠢ ᠬᠢᠮᠢ - ᠹᠢᠽᠢᠺ ᠤᠨ ᠠᠷᠭ᠎ᠠ ᠪᠡᠷ ᠢᠯᠭᠠᠨ ᠲᠠᠨᠢᠬᠤ᠂ ᠠᠳᠠᠯᠢ ᠪᠤᠰᠤ ᠨᠠᠢ᠌ᠷᠠᠯᠭ᠎ᠠ ᠶᠢᠨ ᠬᠡᠯᠪᠡᠷᠢ ᠲᠠᠢ ᠮᠤᠩᠭ᠋ᠤᠯ ᠡᠮ ᠨᠠᠢ᠌ᠷᠠᠯᠭ᠎ᠠ ᠶᠢᠨ ᠤᠰᠤᠯᠢᠭ ᠪᠦᠷᠢᠯᠳᠦᠬᠦᠨ ᠤ ᠠᠭᠤᠯᠤᠭᠳᠠᠴᠠ ᠶᠢ ᠬᠡᠮᠵᠢᠬᠦ ᠠᠷᠭ᠎ᠠ ᠵᠢᠴᠢ ᠨᠠᠷᠤ -3 ᠳ᠋ᠤ ᠬᠢ ᠪᠤᠩ ᠠ ᠶᠢᠨ ᠠᠮᠢᠳᠤ ᠪᠤᠳᠠᠰ ᠤᠨ ᠱᠦᠯᠳᠦ ᠶᠢ ᠪᠠᠢ᠌ᠴᠠᠭᠠᠬᠤ ᠠᠷᠭ᠎ᠠ ᠶᠢ ᠲᠤᠭᠳᠠᠭᠠᠵᠤ᠂ ᠮᠤᠩᠭ᠋ᠤᠯ ᠡᠮ ᠨᠠᠢ᠌ᠷᠠᠯᠭ᠎ᠠ ᠶᠢ ᠵᠠᠳᠠᠯᠤᠨ ᠰᠢᠨᠵᠢᠯᠡᠬᠦ ᠲᠤᠷᠰᠢᠯᠳᠠ ᠶᠢᠨ ᠵᠢᠭᠠᠨ ᠰᠤᠷᠭᠠᠯᠳᠠ ᠶᠢᠨ ᠠᠭᠤᠯᠭ᠎ᠠ ᠶᠢ ᠪᠠᠶᠠᠯᠢᠭᠵᠢᠭᠤᠯᠤᠨ᠎ᠠ᠃ ᠠᠷᠭ᠎ᠠ᠄ ᠬᠢᠮᠢ - ᠹᠢᠽᠢᠺ ᠤᠨ ᠠᠷᠭ᠎ᠠ ᠪᠤᠯᠤᠨ ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ ᠪᠡᠷ 4 ᠵᠦᠢᠯ ᠤᠨ ᠮᠤᠩᠭ᠋ᠤᠯ ᠡᠮ ᠨᠠᠢ᠌ᠷᠠᠯᠭ᠎ᠠ ᠶᠢ ᠬᠢᠨᠠᠨ ᠲᠤᠭᠳᠠᠭᠠᠵᠤ᠂ ᠮᠸᠲ᠋ᠢᠯᠳᠦ ᠪᠸᠨ᠋ᠽᠸᠨ ᠤ ᠠᠷᠭ᠎ᠠ ᠪᠡᠷ ᠠᠳᠠᠯᠢ ᠪᠤᠰᠤ ᠨᠠᠢ᠌ᠷᠠᠯᠭ᠎ᠠ ᠶᠢᠨ ᠬᠡᠯᠪᠡᠷᠢᠯᠳᠦ ᠮᠤᠩᠭ᠋ᠤᠯ ᠡᠮ ᠨᠠᠢ᠌ᠷᠠᠯᠭ᠎ᠠ ᠶᠢᠨ ᠤᠰᠤᠯᠢᠭ ᠪᠦᠷᠢᠯᠳᠦᠬᠦᠨ ᠤ ᠠᠭᠤᠯᠤᠭᠳᠠᠴᠠ ᠶᠢ ᠬᠡᠮᠵᠢᠵᠦ᠂ ᠦᠨᠳᠦᠷ ᠠᠰᠢᠭᠯᠠᠮᠵᠢᠳᠤ ᠰᠢᠩᠭᠡᠨ ᠹᠠᠰᠳᠤ ᠦᠩᠭᠡ ᠶᠢᠨ ᠵᠢᠭ᠌ᠰᠠᠯ ᠤᠨ ᠠᠷᠭ᠎ᠠ ᠪᠡᠷ ᠨᠠᠷᠤ - 3 ᠳ᠋ᠤ ᠬᠢ ᠤᠨᠴᠠᠭᠠᠢ ᠬᠤᠯᠢᠴᠠ ᠪᠤᠯᠬᠤ ᠪᠤᠩ ᠠ ᠶᠢᠨ ᠱᠦᠯᠳᠦ ᠶᠢᠨ ᠠᠭᠤᠯᠤᠭᠳᠠᠴᠠ ᠶᠢ ᠨᠢ ᠬᠡᠮᠵᠢᠪᠡ᠃ ᠦᠷ᠎ᠡ ᠳ᠋ᠦᠩ᠄ ᠬᠢᠮᠢ ᠶᠢᠨ ᠠᠷᠭ᠎ᠠ ᠪᠡᠷ ᠴᠠᠭᠠᠨ ᠲᠠᠩ ᠳᠤ ᠬᠢ ᠠᠮᠢᠳᠤ ᠪᠤᠳᠠᠰ ᠤᠨ ᠱᠦᠯᠳᠦ᠂ ᠬᠢᠰᠢᠭᠦᠨᠡ - 3 ᠳ᠋ᠤ ᠬᠢ ᠠᠨᠲ᠋ᠷᠡᠭᠦᠢ᠌ᠨᠤᠨ᠂ ᠰᠢᠷ᠎ᠠ ᠲᠠᠩ ᠲᠤ ᠬᠢ ᠹᠸᠨᠤᠯ ᠤᠨ ᠲᠦᠷᠦᠯ ᠬᠢᠭᠡᠳ ᠰᠠᠩᠳᠠᠩ -4 ᠶ᠋ᠢᠨ ᠲᠠᠩ ᠳᠤ ᠬᠢ ᠹᠯᠠᠸᠤᠨ ᠤ ᠲᠦᠷᠦᠯ ᠢ ᠲᠤᠰ ᠲᠤᠰ ᠬᠢᠨᠠᠨ ᠲᠤᠭᠳᠠᠭᠠᠵᠤ᠂ ᠨᠢᠮᠭᠡᠨ ᠲᠠᠪᠬᠤᠷᠭ᠎ᠠ ᠶᠢᠨ ᠦᠩᠭᠡ ᠶᠢᠨ ᠵᠢᠭ᠌ᠰᠠᠯ ᠤᠨ ᠠᠷᠭ᠎ᠠ (TLC) ᠪᠡᠷ 5 ᠵᠦᠢᠯ ᠤᠨ ᠮᠤᠩᠭ᠋ᠤᠯ ᠡᠮ ᠨᠠᠢ᠌ᠷᠠᠯᠭ᠎ᠠ ᠳᠤ ᠬᠢ ᠲᠤᠭᠤᠯ ᠡᠪᠡᠰᠦ᠂ ᠬᠢᠰᠢᠭᠦᠨᠡ᠂ ᠵᠦᠷᠦᠷ᠎ᠡ᠂ ᠠᠷᠤᠷ᠎ᠠ᠂ ᠰᠠᠩᠳᠠᠩ ᠪᠤᠯᠤᠨ ᠭᠤᠤᠯᠳᠤ ᠪᠤᠷᠤ ᠶᠢ ᠲᠤᠰ ᠲᠤᠰ ᠬᠢᠨᠠᠨ ᠲᠤᠭᠳᠠᠭᠠᠵᠠᠢ᠃ ᠳ᠋ᠦᠩᠨᠡᠯᠳᠡ᠄ ᠲᠤᠰ ᠰᠤᠳᠤᠯᠭᠠᠨ ᠳᠤ ᠲᠤᠭᠳᠠᠭᠠᠭᠰᠠᠨ ᠲᠤᠷᠰᠢᠯᠳᠠ ᠶᠢᠨ ᠠᠷᠭ᠎ᠠ ᠶᠢ ᠮᠤᠩᠭ᠋ᠤᠯ ᠡᠮ ᠨᠠᠢ᠌ᠷᠠᠯᠭ᠎ᠠ ᠶᠢᠨ ᠵᠠᠳᠠᠯᠤᠯ ᠤᠨ ᠲᠤᠷᠰᠢᠯᠳᠠ ᠶᠢᠨ ᠵᠢᠭᠠᠨ ᠰᠤᠷᠭᠠᠯᠳᠠ ᠳᠤ ᠬᠡᠷᠡᠭᠯᠡᠵᠦ ᠪᠤᠯᠤᠨ᠎ᠠ᠃ |
原文 |
查看原文
|
出自 |
内蒙古民族大学学报(蒙医药学)
2014年
第1期
|