论文信息


题名 ᠮᠣᠩᠭ᠋ᠤᠯ ᠤᠷᠠᠨ ᠵᠣᠬᠢᠶᠠᠯ ᠤᠨ ᠡᠬᠡ ᠪᠠᠢᠭᠠᠯᠢ ᠠᠮᠢ ᠠᠬᠤᠢ ᠶᠢᠨ ᠤᠳᠬ ᠠ ᠰᠡᠳᠦᠪ ᠤᠨ ᠦᠪ ᠤᠯᠠᠮᠵᠢᠯᠠᠯ ᠤᠨ ᠤᠴᠢᠷ
作者 ᠪ᠂ ᠰᠦᠬᠡ
关键词 ᠮᠣᠩᠭ᠋ᠤᠯ ᠤᠷᠠᠨ ᠵᠣᠬᠢᠶᠠᠯ; ᠠᠮᠢ ᠠᠬᠤᠢ; ᠦᠪ ᠤᠯᠠᠮᠵᠢᠯᠠᠯ
摘要 ᠮᠣᠩᠭ᠋ᠤᠯ ᠤᠷᠠᠨ ᠵᠣᠬᠢᠶᠠᠯ ᠨᠢ ᠤᠷᠲᠤ ᠤᠳᠠᠭᠠᠨ ᠬᠦᠭ᠍ᠵᠢᠯ ᠤᠨ ᠲᠡᠦᠬᠡ ᠤᠯᠪᠠᠭ ᠠ ᠲᠠᠢ ᠪᠠᠢᠢᠳᠠᠭ᠃ ᠲᠡᠭᠡᠬᠦ ᠳ᠋ᠡᠭᠡᠨ ᠡᠨᠡ ᠬᠦ ᠬᠦᠭ᠍ᠵᠢᠯ ᠤᠨ ᠶᠠᠪᠤᠴᠠ ᠳ᠋ᠤ ᠦᠭᠡᠷ ᠡ ᠪᠣᠰᠤᠳ ᠦᠨᠳᠦᠰᠦᠲᠡᠨ ᠤᠭᠰᠠᠭᠠᠲᠠᠨ ᠤ ᠤᠷᠠᠨ ᠵᠣᠬᠢᠶᠠᠯ ᠡᠴᠡ ᠢᠯᠭᠠᠭᠳᠠᠬᠤ ᠦᠪᠡᠷᠮᠢᠴᠡ ᠤᠷᠠᠨ ᠵᠣᠬᠢᠶᠠᠯ ᠤᠨ ᠤᠳᠤᠮᠰᠢᠯ  ᠢ ᠪᠣᠢ ᠪᠣᠯᠭᠠ ᠤᠳᠤᠮᠰᠢᠨ ᠬᠦᠭ᠍ᠵᠢᠨ ᠢᠷᠡᠭᠰᠡᠨ ᠶᠣᠮ᠃ ᠮᠣᠩᠭ᠋ᠤᠯ ᠤᠷᠠᠨ ᠵᠣᠬᠢᠶᠠᠯ ᠤᠨ ᠡᠭᠡ ᠪᠠᠢᠢᠭᠠᠯᠢ ᠠᠮᠢ ᠠᠬᠤᠢ ᠶᠢᠨ ᠤᠳᠬ ᠠ ᠰᠡᠳᠦᠪ ᠨᠢ ᠮᠣᠩᠭ᠋ᠤᠯ ᠤᠠᠷᠨ ᠵᠣᠬᠢᠶᠠᠯ ᠤᠨ ᠪᠠᠭᠠᠲᠤᠷᠯᠢᠭ ᠦᠵᠡᠯ ᠤᠨ ᠤᠳᠬ ᠠ ᠰᠡᠳᠦᠪ᠂ᠪᠦᠯᠬᠦᠮᠳᠠᠯ ᠨᠢᠭᠲᠠᠷᠠᠯ ᠤᠨ ᠤᠳᠬ ᠠ ᠰᠡᠳᠦᠪ᠂ ᠡᠬᠡ ᠣᠷᠤᠨᠴᠢ ᠦᠵᠡᠯ ᠤᠨ ᠤᠳᠬ ᠠ ᠰᠡᠳᠦᠪ ᠲᠡᠢ ᠡᠭᠡᠭᠡ ᠠᠳᠠᠯᠢᠬᠠᠨ ᠢᠢᠡᠷ ᠡᠷᠲᠡ ᠦᠶ ᠡ ᠡᠴᠡ ᠣᠳᠣ ᠡᠢᠨ ᠪᠣᠯᠲᠠᠯ ᠠ ᠮᠣᠩᠭ᠋ᠤᠯ ᠤᠷᠠᠨ ᠵᠣᠬᠢᠶᠠᠯ ᠤᠨ ᠬᠦᠭ᠍ᠵᠢᠯ ᠤᠨ ᠲᠡᠦᠬᠡᠨ ᠳ᠋ᠤ ᠣᠨᠴᠠᠭᠠᠢᠨ ᠨᠢᠭᠡᠨ ᠤᠷᠠᠨ ᠵᠣᠬᠢᠶᠠᠯ ᠤᠨ ᠦᠵᠡᠭᠳᠡᠯ ᠪᠣᠶᠣ ᠦᠪᠦᠡᠮᠢᠴᠡ ᠨᠢᠭᠡᠨ ᠤᠷᠠᠨ ᠵᠣᠬᠢᠶᠠᠯ ᠤᠨ ᠤᠳᠤᠮᠰᠢᠯ ᠪᠣᠯᠤᠭᠰᠠᠨ ᠪᠠᠢᠢᠨ᠌ ᠠ᠃ᠮᠣᠩᠭ᠋ᠤᠯ ᠤᠷᠠᠨ ᠵᠣᠬᠢᠶᠠᠯ ᠤᠨ ᠤᠯᠠᠮᠵᠢᠯᠠᠯᠲᠤ ᠤᠳᠬ ᠠ ᠰᠡᠳᠦᠪ— ᠡᠬᠡ ᠪᠠᠢᠢᠭᠠᠯᠢ ᠠᠮᠢ ᠠᠬᠤᠢ ᠶᠢᠨ ᠤᠳᠬ ᠠ ᠰᠡᠳᠦᠪ ᠤᠨ ᠰᠣᠳᠤᠯᠭᠠᠨ ᠤᠼ ᠴᠠᠢ ᠬᠣᠯᠪᠤᠭᠳᠠᠯ ᠨᠢ ᠲᠠᠷᠤᠢ ᠨᠡᠢᠢᠲᠡ ᠮᠣᠩᠭ᠋ᠤᠯ ᠤᠷᠠᠨ ᠵᠣᠬᠢᠶᠠᠯ ᠴᠠᠭᠠᠰᠢᠯᠠᠪᠠᠯ ᠪᠦᠬᠦᠢᠢᠯᠡ ᠲᠡᠯᠡᠬᠡᠢ ᠨᠡᠢᠢᠲᠡ ᠶᠢᠨ ᠤᠷᠠᠨ ᠵᠣᠬᠢᠶᠠᠯ ᠤᠨ ᠬᠦᠷᠢᠶᠡᠨ ᠳ᠋ᠤ᠂ ᠮᠣᠩᠭ᠋ᠤᠯ ᠤᠷᠠᠨ ᠵᠣᠬᠢᠶᠠᠯ ᠤᠨ ᠡᠭᠡ ᠪᠠᠢᠢᠭᠠᠯᠢ ᠠᠮᠢ ᠠᠬᠤᠢ ᠶᠢᠨ ᠤᠳᠬ ᠠ ᠰᠡᠳᠦᠪ ᠤᠨ ᠦᠪ ᠤᠠᠯᠮᠵᠢᠯᠠᠯ ᠦᠪᠯᠡᠨ ᠵᠠᠯᠭᠠᠮᠵᠢᠯᠠᠵᠤ ᠲᠡᠯᠭᠡᠷᠡᠭᠦᠯᠦᠨ ᠪᠠᠳᠠᠷᠠᠭᠤᠯᠵᠤ᠂ ᠡᠬᠡ ᠪᠠᠢᠢᠭᠠᠯᠢ ᠠᠮᠢ ᠠᠬᠤᠢ ᠵᠢ ᠬᠤᠷᠤᠢᠢᠯᠠᠵᠤ᠂ ᠣᠩᠭ᠋ᠤᠨ ᠪᠠᠢᠢᠭᠠᠯᠢ ᠪᠠᠨ ᠤᠷᠠᠢᠢᠯᠠᠵᠤ ᠬᠦᠮᠦᠨ ᠵᠤᠨ ᠬᠢᠭᠡᠳ ᠬᠦᠬᠡᠮᠳᠤᠭ᠌ ᠤᠭᠲᠠᠷᠭᠤᠢ ᠬᠦᠪᠴᠢᠨ ᠨᠤᠭᠤᠭᠠᠨ ᠲᠡᠯᠡᠬᠡᠢ ᠡᠶ ᠡ ᠵᠣᠬᠢᠴᠠᠨ ᠤᠷᠤᠰᠢᠨ ᠠᠮᠢᠳᠤᠷᠠᠬᠤ ᠵᠢ ᠤᠮᠠᠯᠰᠠᠷᠠᠭᠤᠯᠬᠤ ᠳ᠋ᠤ ᠣᠷᠤᠰᠢᠨ᠌ ᠠ᠃
原文 查看原文
出自 内蒙古民族大学学报(社会科学) 2013年 第3期

联系我们


内蒙古大学图书馆
呼和浩特市大学西路235号
中国·内蒙古
P: (0471) 4992561
E: huangfeilong@imu.edu.cn