论文信息


题名 《ᠰᠢᠦᠸᠠᠢ ᠭᠠᠩ ᠳᠠᠩ ᠤᠯᠤᠰ ᠠᠴᠠ ᠤᠷᠪᠠᠭᠰᠠᠨ ᠨᠢ》 ᠭᠡᠬᠦ ᠬᠤᠭᠤᠷ ᠤᠨ ᠦᠯᠢᠭᠡᠷ ᠦᠨ ᠲᠤᠬᠠᠢ ᠰᠢᠨᠵᠢᠯᠡᠯ — ᠰᠢᠤᠸᠠᠢ ᠭᠦᠢ ᠰᠢᠤᠸᠠᠢ ᠵᠢᠶᠤᠤ ᠶᠢᠨ ᠬᠦᠯᠦᠭ ᠮᠤᠷᠢ᠂ ᠵᠠᠷ ᠵᠡᠪᠰᠡᠭ᠂ ᠬᠤᠶᠠᠭ ᠲᠤᠭᠤᠯᠠᠭ᠎ᠠ ᠣᠯᠣᠭᠰᠠᠨ ᠦᠯᠢᠭᠡᠷ ᠦᠢᠯᠡ ᠶᠠᠪᠤᠳᠠᠯ ᠤᠨ ᠵᠢᠱᠶᠡᠨ ᠳᠡᠭᠡᠷ᠎ᠡ
作者 ᠪᠤᠤ ᠰᠠᠷᠠᠨᠴᠢᠮᠡᠭ᠌
关键词 ᠦᠯᠢᠭᠡᠷ ᠦᠢᠯᠡ ᠶᠠᠪᠤᠳᠠᠯ; ᠰᠢᠳᠢᠴᠢᠯᠡᠭᠰᠡᠨ ᠰᠢᠨᠵᠢ; ᠦᠭᠦᠯᠡᠮᠵᠢ ᠵᠤᠬᠢᠶᠠᠮᠵᠢ; ᠦᠪᠡᠷᠮᠢᠴᠡ ᠣᠨᠴᠠᠯᠢᠭ
摘要 ᠡᠷᠳᠡᠨᠢᠵᠢᠷᠦᠬᠡ ᠬᠤᠭᠤᠷᠴᠢ ᠪᠤᠯᠤᠨ ᠪᠦᠷᠢᠨᠪᠠᠶᠠᠷ ᠬᠤᠭᠤᠷᠴᠢ ᠶᠢᠨ ᠬᠡᠯᠡᠭᠰᠡᠨ 《ᠰᠢᠤᠸᠠᠢ ᠭᠠᠩ ᠲᠠᠩ ᠤᠯᠤᠰ ᠠᠴᠠ ᠤᠷᠪᠠᠭᠰᠠᠨ ᠨᠢ》 ᠭᠡᠬᠦ ᠬᠤᠭᠤᠷ ᠤᠨ ᠦᠯᠢᠭᠡᠷ ᠲᠦ᠂ ᠰᠢᠤᠸᠠᠢ ᠭᠦᠢ᠂ ᠰᠢᠤᠸᠠᠢ ᠵᠢᠶᠤᠵᠤ ᠬᠤᠶᠠᠭᠤᠯᠠ ᠪᠠᠨ ᠤᠨᠤᠬᠤ ᠬᠦᠯᠦᠭ᠂ ᠠᠳᠬᠤᠨ ᠵᠡᠪᠰᠡᠭ᠂ ᠡᠮᠦᠰᠬᠦ ᠬᠤᠶᠠᠭ ᠲᠤᠭᠤᠯᠠᠭ᠎ᠠ ᠪᠠᠨ ᠣᠯᠣᠭᠰᠠᠨ ᠦᠯᠢᠭᠡᠷ ᠦᠢᠯᠡ ᠶᠠᠪᠤᠳᠠᠯ ᠨᠢ ᠲᠤᠩ ᠰᠤᠨᠢᠷᠬᠠᠯᠲᠠᠢ ᠪᠠᠢᠵᠤ᠂ ᠬᠡᠳᠦᠢᠪᠡᠷ ᠦᠯᠢᠭᠡᠷ ᠲᠦ ᠭᠠᠷᠬᠤ ᠬᠦᠯᠦᠭ ᠮᠤᠷᠢ᠂ ᠵᠠᠷ ᠵᠡᠪᠰᠡᠭ ᠦᠨ ᠲᠤᠬᠠᠢ ᠦᠯᠢᠭᠡᠷᠯᠡᠯ ᠪᠡ ᠳᠦᠷᠰᠦᠯᠡᠯ ᠨᠢ ᠵᠤᠬᠢᠬᠤ ᠠᠳᠠᠯᠢᠪᠲᠤᠷ ᠵᠤᠢᠯ ᠪᠠᠢᠳᠠᠭ ᠪᠤᠯᠪᠠᠴᠤ ᠮᠦᠨ ᠣᠨᠴᠠᠯᠢᠭᠳᠠᠬᠤ ᠵᠤᠢᠯ ᠪᠠᠢᠳᠠᠭ᠃ ᠢᠯᠠᠩᠭᠤᠶ᠎ᠠ ᠬᠢᠲᠠᠳ ᠤᠨ ᠯᠢᠦ ᠯᠢᠨ ᠰᠢᠶᠠᠨ᠂ ᠱᠠᠨ ᠲᠢᠶᠠᠨ ᠹᠠᠩ᠂ ᠶᠤᠸᠠᠨ ᠴᠧᠩ ᠨᠠᠷ ᠤᠨ ᠬᠡᠯᠡᠭᠰᠡᠨ 《ᠰᠢᠤᠸᠠᠢ ᠭᠠᠩ ᠹᠠᠨ ᠲᠠᠩ》(《薛刚反唐》) ᠭᠡᠬᠦ ᠫᠢᠩ ᠱᠤ ᠳᠤ ᠬᠢ ᠦᠭᠦᠯᠡᠮᠵᠢ ᠯᠦᠭᠡ ᠬᠠᠷᠢᠴᠠᠭᠤᠯᠬᠤ ᠪᠠᠷ ᠳᠠᠮᠵᠢᠵᠤ᠂ ᠳᠡᠭᠡᠷ᠎ᠡ ᠳᠤᠷᠠᠳᠤᠭᠳᠠᠭᠰᠠᠨ ᠬᠤᠶᠠᠷ ᠬᠤᠭᠤᠷᠴᠢ ᠶᠢᠨ ᠬᠤᠭᠤᠷ ᠤᠨ ᠦᠯᠢᠭᠡᠷ ᠲᠦ ᠬᠢ ᠰᠢᠤᠸᠠᠢ ᠵᠢᠶᠤᠵᠤ ᠬᠦᠯᠦᠭ ᠮᠤᠷᠢ᠂ ᠵᠠᠷ ᠵᠡᠪᠰᠡᠭ ᠣᠯᠣᠭᠰᠠᠨ ᠦᠯᠢᠭᠡᠷ ᠦᠢᠯᠡ ᠶᠠᠪᠤᠳᠠᠯ ᠤᠨ ᠰᠢᠳᠢᠴᠢᠯᠡᠭᠰᠡᠨ ᠰᠢᠨᠵᠢ᠂ ᠠᠭᠤᠯᠭ᠎ᠠ ᠶᠢᠨ ᠪᠠᠶᠠᠯᠢᠭ᠂ ᠦᠭᠦᠯᠡᠮᠵᠢ ᠵᠤᠬᠢᠶᠠᠮᠵᠢ ᠶᠢᠨ ᠨᠢᠭᠲᠠ ᠴᠢᠩᠭ᠍ ᠠ᠂ ᠬᠤᠶᠠᠷ ᠬᠤᠭᠤᠷᠴᠢ ᠶᠢᠨ ᠦᠪᠡᠷᠮᠢᠴᠡ ᠦᠯᠢᠭᠡᠷᠯᠡᠵᠦ ᠵᠤᠬᠢᠶᠠᠮᠵᠢᠯᠠᠬᠤ ᠤᠷ᠎ᠠ ᠵᠡᠷᠭᠡ ᠶᠢ ᠰᠢᠨᠵᠢᠯᠡᠨ ᠮᠡᠳᠡᠵᠦ ᠴᠢᠳᠠᠨ᠎ᠠ᠃
原文 没有原文
出自 内蒙古民族大学学报(社会科学) 2015年 第3期

联系我们


内蒙古大学图书馆
呼和浩特市大学西路235号
中国·内蒙古
P: (0471) 4992561
E: huangfeilong@imu.edu.cn