摘要 |
ᠲᠤᠳᠤᠳᠬᠠᠯ ᠭᠡᠰᠢᠬᠦᠨ ᠪᠤᠯ ᠠᠩᠯᠢ ᠬᠡᠯᠡ ᠪᠠ ᠮᠣᠩᠭᠤᠯ ᠬᠡᠯᠡᠨ ᠤ ᠦᠭᠦᠯᠡᠪᠦᠷᠢ ᠳ᠋ᠡᠬᠢ ᠴᠢᠬᠤᠯᠠ ᠪᠦᠷᠢᠯᠳᠦᠭᠦᠨ ᠬᠡᠰᠡᠭ ᠮᠦᠨ ᠴᠦ ᠮᠣᠩᠭᠤᠯ ᠰᠤᠷᠤᠭᠴᠢᠳ ᠤᠨ ᠠᠩᠯᠢ ᠬᠡᠯᠡ ᠶᠢᠨ ᠰᠤᠷᠤᠯᠴᠠᠯᠭ᠎ᠠ ᠳ᠋ᠡᠬᠢ ᠬᠦᠴᠢᠷᠲᠡᠯ ᠲᠠᠢ ᠬᠡᠰᠡᠭ ᠤᠨ ᠨᠢᠭᠡ ᠮᠦᠨ᠃ ᠦᠭᠦᠯᠡᠯ ᠳ᠋ᠤ ᠠᠩᠯᠢ ᠬᠡᠯᠡ ᠪᠠ ᠮᠣᠩᠭᠤᠯ ᠬᠡᠯᠡᠨ ᠳ᠋ᠡᠬᠢ ᠲᠤᠳᠤᠳᠬᠠᠯ ᠬᠡᠰᠢᠬᠦᠨ ᠢ ᠲᠡᠭᠦᠨ ᠢ ᠢᠯᠡᠷᠡᠬᠦ ᠣᠨᠴᠠᠯᠢᠭ᠂ ᠤᠷᠤᠨ ᠪᠠᠢᠷᠢ ᠵᠢᠴᠢ ᠲᠡᠰ ᠲᠠᠷᠠᠭᠠᠯᠠᠯ ᠵᠡᠷᠭᠡ ᠭᠤᠷᠪᠠᠨ ᠲᠠᠯ ᠠ ᠪᠡᠷ ᠰᠢᠰᠲ᠋ᠸᠮ ᠲᠠᠢ ᠬᠠᠷᠢᠴᠠᠭᠤᠯᠵᠤ᠂ ᠠᠩᠯᠢ ᠬᠡᠯᠡ ᠪᠠ ᠮᠣᠩᠭᠤᠯ ᠬᠡᠯᠡᠨ ᠳ᠋ᠡᠬᠢ ᠲᠤᠳᠤᠳᠬᠠᠯ ᠭᠡᠰᠢᠬᠦᠨ ᠤ ᠠᠳᠠᠯᠢ ᠲᠠᠯ ᠠ ᠪᠠ ᠠᠳᠠᠯᠢ ᠪᠤᠰᠤ ᠲᠠᠯ ᠠ ᠵᠢ ᠬᠤᠷᠢᠶᠠᠩᠭᠤᠢᠯᠠᠨ ᠳ᠋ᠦᠩᠨᠡᠵᠡᠢ᠃ ᠲᠡᠳᠡᠭᠡᠷ ᠤᠨ ᠠᠳᠠᠯᠢ ᠲᠠᠯ ᠠ ᠪᠠ ᠠᠳᠠᠯᠢ ᠪᠤᠰᠤ ᠲᠠᠯ ᠠ ᠵᠢ ᠵᠢᠭᠠᠨ ᠰᠤᠷᠭᠠᠯᠲᠠ ᠳ᠋ᠠᠭᠠᠨ ᠬᠦᠢᠴᠡᠳ ᠰᠠᠢᠨ ᠠᠰᠢᠭᠯᠠᠪᠠᠯ᠂ ᠵᠢᠭᠠᠨ ᠰᠤᠷᠭᠠᠯᠲᠠ ᠶᠢᠨ ᠦᠷ ᠠ ᠠᠰᠢᠭ ᠢᠢᠡᠨ ᠲᠡᠭᠡᠭᠰᠢᠯᠡᠬᠦᠯᠵᠦ᠂ᠰᠤᠷᠤᠭᠴᠢᠳ ᠤᠨ ᠰᠤᠷᠤᠯᠴᠠᠯᠭ᠎ᠠ ᠶᠢᠨ ᠦᠷ ᠠ ᠪᠦᠲᠦᠮᠵᠢ ᠵᠢ ᠲᠡᠭᠡᠭᠰᠢᠯᠡᠬᠦᠯᠬᠦ ᠳ᠋ᠤ ᠠᠰᠢᠭᠲᠠᠢ ᠶᠣᠮ᠃ |