题名 |
ᠴᠢᠩ ᠬᠦᠷᠦᠨ ᠡᠴᠡ ᠭᠤᠪᠢ ᠶᠢᠨ ᠡᠮᠦᠨᠡᠬᠢ ᠮᠣᠩᠭ᠋ᠤᠯ ᠤᠨ ᠸᠠᠩ ᠬᠦᠩ ᠨᠠᠷ ᠲᠦ ᠪᠠᠭᠤᠯᠭᠠᠭᠰᠠᠨ《ᠲᠠᠢᠢᠬᠤ ᠦᠭᠡ 》ᠢᠨ ᠲᠣᠬᠠᠢ |
作者 |
ᠰᠢᠶᠠᠩ ᠯᠢᠶᠠᠨ |
关键词 |
ᠴᠢᠩ ᠬᠦᠷᠦᠨ; ᠭᠤᠪᠢ ᠶᠢᠨ ᠡᠮᠦᠨᠡᠬᠢ ᠮᠣᠩᠭ᠋ᠤᠯ《ᠲᠠᠢᠢᠬᠤ ᠦᠭᠡ》 |
摘要 |
ᠴᠢᠩ ᠤᠨ ᠦᠶ ᠠ ᠳ᠋ᠤ ᠮᠠᠨᠵᠦ ᠶᠢᠨ ᠬᠠᠭᠠᠳ ᠡᠴᠡ ᠮᠣᠩᠭ᠋ᠤᠯ ᠤᠨ ᠨᠠᠰᠤ ᠪᠠᠷᠠᠭᠰᠠᠨ ᠸᠠᠩ ᠬᠦᠩ ᠤᠳ ᠲᠦ 《ᠲᠠᠢᠢᠬᠤ ᠦᠭᠡ》ᠪᠠᠭᠤᠯᠭᠠᠵᠤ᠂ ᠤᠯᠤᠰ ᠲᠦᠷᠦ ᠶᠢᠨ ᠴᠢᠬᠤᠯᠠ ᠶᠠᠪᠤᠳᠠᠯ ᠪᠤᠯᠭᠠᠨ ᠴᠢᠬᠤᠯᠠᠴᠢᠯᠠᠵᠤ ᠪᠠᠢᠢᠪᠠ᠃ ᠲᠤᠰ ᠦᠭᠦᠯᠡᠯ ᠳ᠋ᠤ 《ᠲᠠᠢᠢᠴᠢᠩ ᠭᠦᠷᠦᠨ ᠤ ᠲᠤᠳᠤᠭᠠᠲᠤ ᠶᠠᠮᠤᠨ ᠤ ᠮᠣᠩᠭ᠋ᠤᠯ ᠪᠢᠴᠢᠭ᠌ ᠤᠨ ᠭᠡᠷ ᠤ ᠲᠠᠩᠰᠠ》 ᠵᠢ ᠠᠰᠢᠭᠯᠠᠵᠤ ᠂ ᠡᠨᠡ ᠬᠦ 《ᠲᠠᠢᠢᠬᠤ ᠦᠭᠡ》 ᠶᠢᠨ ᠠᠭᠤᠯᠭ᠎ᠠ ᠵᠢ ᠨᠠᠷᠢᠪᠴᠢᠯᠠᠬᠤ ᠪᠡᠷ ᠲᠠᠮᠵᠢᠨ᠂ ᠲᠡᠷᠡ ᠨᠢ ᠬᠠᠭᠠᠨ ᠡᠴᠡ ᠮᠣᠩᠭ᠋ᠤᠯ ᠤᠨ ᠸᠠᠩ ᠬᠦᠩ ᠨᠠᠷ ᠤᠨ ᠨᠢᠭᠡ ᠨᠠᠰᠤᠨ ᠤ ᠭᠠᠪᠢᠶ ᠠ ᠵᠢᠳᠬᠦᠯ ᠢ ᠲᠤᠭᠠᠴᠢᠵᠤ ᠪᠠᠢᠢᠬᠤ ᠪᠡᠷ ᠪᠠᠷᠠᠬᠤ ᠦᠭᠡᠢ᠂ ᠨᠡᠩ ᠴᠢᠬᠤᠯᠠ ᠨᠢ ᠸᠠᠩ ᠬᠦᠩ ᠨᠠᠷ ᠲᠦ ᠦᠷᠦᠰᠢᠶᠡᠯ ᠬᠠᠢᠷᠠᠯᠠᠬᠤ᠂ ᠬᠡᠰᠢᠭ ᠬᠦᠷᠲᠡᠭᠡᠬᠦ᠂ ᠨᠡᠭᠡᠨ ᠡᠷᠬᠦᠮᠵᠢᠯᠡᠬᠦ ᠵᠡᠷᠭᠡ ᠠᠭᠤᠯᠭ᠎ᠠ ᠲᠠᠢ ᠪᠠᠢᠢᠳᠠᠭ ᠪᠦᠭᠡᠳ ᠮᠣᠩᠭ᠋ᠤᠯ ᠢ ᠬᠤᠷᠢᠶᠠᠬᠤ ᠪᠠ ᠮᠣᠩᠭ᠋ᠤᠯ ᠤᠨ ᠸᠠᠩ ᠬᠦᠩ ᠨᠡᠷ ᠢ ᠪᠡᠶ ᠡ ᠳ᠋ᠤ ᠪᠠᠨ ᠲᠠᠳᠠᠵᠤ᠂ ᠲᠦᠷᠦ ᠳ᠋ᠤ ᠪᠠᠨ ᠪᠠᠲᠤ ᠦᠢᠯᠡᠴᠢᠯᠡᠭᠦᠯᠬᠦ ᠲᠡᠦᠬᠡᠳᠦ ᠠᠴᠢ ᠬᠤᠯᠪᠤᠭᠲᠠᠯ ᠲᠠᠢ ᠬᠡᠮᠡᠨ ᠦᠵᠡᠪᠡ᠃ |
原文 |
查看原文
|
出自 |
赤峰学院学报(蒙文哲学社会科学版)
2017年
第5期
|