题名 |
ᠮᠣᠩᠭᠤᠯ ᠬᠡᠯᠡᠨ ᠤ ᠲᠡᠮᠳᠡᠭ ᠨᠡᠷ ᠡ ᠶᠢᠨ ᠤᠷᠤᠨ ᠵᠠᠢ ᠶᠢᠨ ᠰᠢᠨᠵᠢ ᠶᠢᠨ ᠲᠣᠬᠠᠢ |
作者 |
ᠴᠣᠯᠮᠤᠨ; ᠪᠠᠲᠤᠭᠡᠷᠡᠯ |
关键词 |
ᠮᠣᠩᠭᠤᠯ ᠬᠡᠯᠡ;ᠲᠡᠮᠳᠡᠭ ᠨᠡᠷ ᠡ ᠦᠭᠡ; ᠤᠷᠤᠨ ᠵᠠᠢ ᠶᠢᠨ ᠰᠢᠨᠵᠢ |
摘要 |
ᠮᠣᠩᠭᠤᠯ ᠬᠡᠯᠡᠨ ᠤ ᠲᠡᠮᠳᠡᠭ ᠨᠡᠷ ᠡ ᠨᠢ ᠬᠦᠮᠦᠨ ᠠᠮᠢᠲᠠᠨ᠂ ᠭᠡᠷᠡᠭ ᠶᠠᠭᠤᠮ ᠠ ᠶᠢᠨ ᠰᠢᠨᠵᠢ ᠴᠢᠨᠠᠷ᠂ ᠪᠡᠯᠭᠡ ᠲᠡᠮᠳᠡᠭ᠂ ᠤᠨᠴᠠᠯᠢᠭ; ᠦᠢᠯᠡ ᠬᠦᠳᠡᠯᠭᠡᠭᠡᠨ ᠤ ᠪᠣᠯᠬᠤ ᠣᠨᠴᠠᠯᠢᠭ ᠰᠢᠨᠵᠢ᠂ ᠬᠢᠷᠢ ᠬᠡᠮᠵᠢᠶ ᠠ ᠵᠢ ᠵᠢᠭᠠᠬᠤ ᠳ᠋ᠤ ᠪᠠᠨ ᠬᠠᠷᠢᠴᠠᠭᠤᠯᠬᠤ ᠠᠢ ᠪᠡᠷ ᠬᠤᠪᠢᠯᠳᠠᠭ ᠪᠦᠭᠡᠳ ᠦᠭᠦᠯᠡᠪᠦᠷᠢ ᠳ᠋ᠤ ᠵᠢᠩᠬᠢᠨᠢ ᠨᠡᠷ ᠡ ᠶᠢᠨ ᠡᠮᠦᠨ᠎ᠠ ᠲᠤᠳᠤᠳᠬᠠᠯ ᠭᠡᠰᠢᠬᠦᠨ ᠪᠣᠯᠵᠤ᠂ ᠦᠢᠯᠡ ᠦᠭᠡ ᠶᠢᠨ ᠡᠮᠦᠨ᠎ᠠ ᠲᠤᠳᠤᠳᠬᠠᠯ ᠬᠡᠰᠢᠬᠦᠨ ᠪᠣᠯᠵᠤ ᠦᠢᠯᠡ ᠦᠭᠡ ᠶᠢᠨ ᠡᠮᠦᠨ᠎ᠠ ᠪᠠᠢᠴᠠ ᠭᠡᠰᠢᠬᠦᠨ ᠪᠣᠯᠳᠠᠭ᠃ ᠲᠠᠷᠤᠢ ᠲᠤᠭᠲᠠᠩᠬᠢ ᠰᠢᠨᠵᠢ ᠶᠢᠨ ᠬᠤᠪᠢ ᠳ᠋ᠤ ᠲᠡᠮᠳᠡᠭ ᠨᠡᠷ ᠡ ᠨᠢ ᠵᠢᠩᠬᠢᠨᠢ ᠨᠡᠷ ᠡ ᠵᠢ ᠪᠣᠰᠤᠳ ᠨᠡᠷ ᠡ ᠡᠴᠡ ᠢᠯᠭᠠᠬᠤ ᠲᠦᠷᠦᠯᠬᠢ ᠰᠢᠨᠵᠢ ᠲᠠᠢ ᠪᠠᠢᠳᠠᠭ ᠪᠣᠯᠪᠠᠴᠤ ᠬᠦᠳᠡᠯᠦᠩᠬᠢ ᠰᠢᠨᠵᠢ ᠶᠢᠨ ᠬᠤᠪᠢ ᠳ᠋ᠤ ᠵᠢᠩᠬᠢᠨᠢ ᠨᠡᠷ ᠡ ᠲᠠᠢ ᠠᠳᠠᠯᠢ ᠤᠷᠤᠨ ᠵᠠᠢ ᠶᠢᠨ ᠰᠢᠨᠵᠢ ᠲᠠᠢ ᠪᠦᠭᠡᠳ ᠦᠢᠯᠡ ᠦᠭᠡ ᠲᠠᠢ ᠠᠳᠠᠯᠢ ᠴᠠᠬᠲᠤ ᠰᠢᠨᠵᠢ ᠶᠢᠨ ᠣᠨᠴᠠᠯᠢᠭ ᠲᠠᠢ ᠪᠣᠯᠬᠤ ᠨᠢ ᠦᠪᠡᠷᠮᠢᠴᠡ ᠪᠠᠢᠭ᠎ᠠ ᠶᠣᠮ᠃ ᠡᠭᠦᠨ ᠳ᠋ᠤ ᠮᠢᠨᠦ ᠪᠡᠶ ᠠ ᠮᠣᠩᠭᠤᠯ ᠬᠡᠯᠡᠨ ᠤ ᠲᠡᠮᠳᠡᠭ ᠨᠡᠷ ᠡ ᠶᠢᠨ ᠤᠷᠤᠨ ᠵᠠᠢ ᠶᠢᠨ ᠰᠢᠨᠵᠢ ᠶᠢᠨ ᠲᠤᠬᠠᠢ ᠶᠠᠷᠢᠵᠤ᠂ ᠲᠡᠭᠦᠨ ᠤ ᠲᠣᠬᠠᠢ ᠰᠣᠳᠤᠯᠭᠠᠨ ᠤ ᠪᠠᠢᠳᠠᠯ᠂ ᠪᠦᠷᠢᠯᠳᠦᠯ ᠤᠨ ᠤᠴᠢᠷ ᠪᠠ ᠪᠣᠰᠤᠳ ᠰᠢᠨᠵᠢ ᠡᠴᠡ ᠢᠯᠠᠭᠠᠷᠠᠬᠤ ᠶᠢᠨ ᠲᠣᠬᠠᠢ ᠶᠠᠷᠢᠬᠤ ᠭᠡᠵᠦ ᠪᠣᠳᠤᠵᠤ ᠪᠠᠢᠨ᠎ᠠ᠃ |
原文 |
查看原文
|
出自 |
赤峰学院学报(蒙文哲学社会科学版)
2016年
第5期
|