摘要 |
ᠠᠪᠢᠶᠠᠰ ᠪᠢᠯᠢᠭ᠂ ᠡᠷᠡᠯᠭᠡᠭ ᠪᠠᠭᠠᠲᠤᠷᠯᠢᠭ ᠢᠢᠡᠷ ᠢᠡᠨ ᠲᠠᠶᠠᠩ ᠲᠡᠯᠡᠭᠡᠢ ᠳ᠋ᠤ ᠠᠯᠳᠠᠷᠰᠢᠭᠰᠠᠨ ᠮᠣᠩᠭᠤᠯ ᠦᠨᠳᠦᠰᠦᠲᠡᠨ᠂ ᠲᠡᠭᠷᠢᠯᠢᠭ ᠬᠦᠪᠡᠭᠦᠨ ᠴᠢᠩᠬᠢᠰ ᠪᠠᠭᠠᠲᠤᠷ ᠤᠨ ᠲᠤᠭ ᠤᠨ ᠲᠤᠤᠷ ᠠ ᠨᠢᠭᠲᠠᠷᠠᠨ ᠪᠦᠯᠬᠦᠮᠳᠡᠭᠡᠳ ᠭᠡᠳᠦᠨ ᠦᠶ ᠡ ᠰᠢᠷᠭᠠᠭᠤ ᠲᠡᠮᠡᠴᠡᠵᠦ᠂ ᠲᠤᠷᠤᠨᠠᠳᠤ ᠠᠽᠢᠶ ᠠ ᠳ᠋ᠤ ᠬᠦᠴᠦᠷᠭᠡᠭ ᠶᠡᠬᠡ ᠶᠤᠸᠠᠨ ᠤᠯᠤᠰ ᠢ ᠪᠠᠢᠭᠤᠯᠤᠭᠰᠠᠨ ᠪᠦᠭᠡᠳ ᠰᠦᠷ ᠬᠦᠴᠦ ᠪᠡᠷ ᠢᠢᠡᠨ ᠠᠽᠢᠶ ᠠ ᠬᠢᠭᠡᠳ ᠡᠸᠥ᠋ᠷᠦᠫᠡ ᠶᠢᠨ ᠨᠡᠯᠢᠶᠡᠳ ᠤᠯᠠᠨ ᠤᠯᠤᠰ ᠦᠨᠳᠦᠰᠦᠲᠡᠨ ᠢ ᠪᠠᠢᠯᠳᠤᠨ ᠲᠠᠭᠠᠭᠤᠯᠤᠭᠰᠠᠨ ᠶᠣᠮ᠃ᠬᠦᠮᠦᠨ ᠲᠦᠷᠦᠯᠬᠢᠲᠡᠨ ᠤ ᠬᠦᠭᠵᠢᠯ ᠤᠨ ᠲᠡᠦᠬᠡᠨ ᠳ᠋ᠤ ᠲᠠᠪᠰᠢᠩᠭᠤᠢ ᠦᠢᠯᠡᠳᠦᠯᠦᠵᠡᠬᠦᠯᠵᠦ᠂ ᠠᠭᠤᠤ ᠶᠡᠬᠡ ᠲᠤᠮᠳᠠᠳᠤ ᠤᠯᠤᠰ ᠤᠨ ᠴᠡᠴᠡᠭᠯᠡᠨ ᠪᠠᠲᠠᠷᠠᠬᠤ ᠳ᠋ᠤ ᠪᠠᠯᠠᠷᠠᠰᠢ ᠦᠭᠡᠢ ᠠᠪᠢᠶ ᠠ ᠵᠢᠳᠬᠦᠯ ᠭᠠᠷᠭᠠᠪᠠ᠃ ᠭᠡᠪᠡᠴᠦ ᠬᠦᠬᠡ ᠮᠣᠩᠭᠤᠯ ᠤᠨ ᠡᠨᠡᠬᠦ ᠢᠷᠠᠭᠤ ᠠᠯᠳᠠᠷᠲᠠᠢ ᠲᠡᠦᠬᠡᠨ ᠳ᠋ᠤ ᠪᠠᠰᠠ ᠬᠠᠷᠢ ᠬᠦᠷᠦᠨ ᠢ ᠲᠦᠷᠢᠮᠡᠬᠡᠢᠯᠡᠨ ᠲᠤᠪᠲᠤᠯᠤᠭᠰᠠᠨ ᠬᠠᠷᠠᠩᠭᠤᠢ ᠲᠠᠯ ᠠ ᠪᠠᠢᠬᠤ ᠮᠦᠷᠲᠡᠭᠡᠨ ᠬᠤᠵᠢᠮ ᠤᠨ ᠡᠭᠦᠰᠴᠦ ᠬᠦᠭᠵᠢᠭᠰᠡᠨ ᠮᠠᠨᠵᠦ ᠦᠨᠳᠦᠰᠦᠲᠡᠨ ᠳ᠋ᠤ ᠲᠤᠷᠤᠮᠵᠢᠯᠠᠭᠳᠠᠨ᠂ᠢᠳᠡᠭ ᠢᠳᠡᠭ ᠢᠢᠡᠷ ᠡᠵᠡᠯᠡᠭᠳᠡᠭᠰᠡᠨ ᠬᠠᠷᠠᠮᠰᠠᠯᠲᠠᠢ ᠲᠡᠦᠬᠡᠨ ᠦᠩᠭᠡᠷᠡᠯᠲᠡ ᠪᠠᠢᠭ᠎ᠠ ᠵᠢ ᠠᠩᠬᠠᠷᠤᠨ ᠰᠣᠳᠤᠯᠤᠭᠤᠰᠢᠲᠠᠢ ᠪᠢᠯᠡ᠃ |