题名 |
《ᠶᠠᠫᠤᠨ ᠣᠯᠳᠤᠷᠢᠭ ᠤᠨ ᠦᠭᠡᠷᠡᠴᠢᠯᠡᠯᠲᠡ ᠶᠢᠨ ᠲᠦᠰᠦᠪ》 ᠦᠨ ᠠᠴᠢ ᠬᠤᠯᠪᠤᠭᠳᠠᠯ ᠪᠠ ᠢᠳᠡᠪᠬᠢ ᠨᠦᠯᠦᠭᠡ |
作者 |
ᠤᠯᠠᠭ᠋ᠠᠨᠲᠤᠶᠠᠭᠠ |
关键词 |
《ᠶᠠᠫᠤᠨ ᠣᠯᠳᠤᠷᠢᠭ ᠤᠨ ᠦᠭᠡᠷᠡᠴᠢᠯᠡᠯᠲᠡ ᠶᠢᠨ ᠲᠦᠰᠦᠪ》; ᠤᠯᠤᠰ ᠤᠨ ᠭᠠᠵᠠᠷ ᠨᠤᠲᠤᠭ ᠤᠨ ᠨᠡᠭᠡᠭᠡᠯᠲᠡ; ᠲᠡᠨ᠋ᠡᠺᠡᠺᠡᠭᠦ᠋ᠶᠧᠢ |
摘要 |
ᠲᠡᠨ᠋ᠡᠺᠡᠺᠡᠺᠦ᠋ᠶᠧᠢ ᠶᠢᠨ ᠰᠠᠢᠳ ᠨᠠᠷ ᠤᠨ ᠵᠦᠪᠯᠡᠯ ᠦᠨ ᠬᠡᠷᠡᠭᠵᠢᠭᠦᠯᠦᠭᠰᠡᠨ (1972 ᠣᠨ ᠤ 7 ᠰᠠᠷ᠎ᠠ ᠠᠴᠠ 1974 ᠣᠨ ᠤ 12 ᠰᠠᠷ᠎ᠠ ᠬᠦᠷᠲᠡᠯ᠎ᠡ) 《ᠶᠠᠫᠤᠨ ᠣᠯᠳᠤᠷᠢᠭ ᠤᠨ ᠦᠭᠡᠷᠡᠴᠢᠯᠡᠯᠲᠡ ᠶᠢᠨ ᠲᠦᠰᠦᠪ》 ᠵᠠᠭ᠋ᠤᠷᠮᠠᠭ ᠪᠤᠯᠤᠭᠰᠠᠨ ᠤ ᠤᠴᠢᠷ᠂ ᠤᠷᠲᠤ ᠬᠤᠭ᠋ᠤᠴᠠᠭ᠋ᠠᠨᠠ ᠶᠠᠫᠤᠨ ᠤ ᠨᠡᠢᠭᠡᠮ ᠪᠡ ᠡᠷᠳᠡᠮ ᠰᠢᠨᠵᠢᠯᠡᠭᠡᠨ ᠦ ᠬᠢᠨ ᠦ ᠰᠢᠭᠦᠮᠵᠢ ᠦᠨ᠋ᠡᠯᠡᠯᠲᠡ ᠭᠤᠤᠯᠴᠢ ᠪᠠᠨ ᠠᠯᠳᠠᠭᠰᠠᠨ ᠪᠦᠭᠡᠳ ᠳᠤᠮᠳᠠᠳᠤ ᠤᠯᠤᠰ ᠤᠨ ᠡᠷᠳᠡᠮ ᠰᠢᠨᠵᠢᠯᠡᠭᠡᠨ ᠦ ᠬᠢᠨ ᠴᠦ ᠳᠡᠮᠡᠢ ᠣᠢᠰᠢᠶᠠᠬᠤ ᠦᠭᠡᠢ ᠪᠤᠯᠬᠤ ᠪᠢᠯᠡ᠃ 《ᠦᠭᠡᠷᠡᠴᠢᠯᠡᠯᠲᠡ ᠶᠢᠨ ᠲᠦᠰᠦᠪ》 ᠣᠷᠤᠰᠢᠪᠠᠯ ᠵᠤᠬᠢᠬᠤ ᠮᠦᠷᠲᠡᠭᠡᠨ ᠬᠡᠷᠡᠭ ᠳᠡᠭᠡᠷ᠎ᠡ ᠪᠡᠨ ᠲᠡᠨ᠋ᠡᠺᠡᠺᠡᠺᠦ᠋ᠶᠧᠢ ᠡᠴᠡ ᠬᠤᠢᠰᠢᠬᠢ ᠡᠯ᠎ᠡ ᠵᠠᠰᠠᠭ ᠤᠨ ᠬᠢᠨ ᠶᠠᠩᠵᠤ ᠪᠦᠷᠢ ᠶᠢᠨ ᠬᠡᠯᠪᠡᠷᠢ ᠪᠡᠷ ᠬᠡᠷᠡᠭᠵᠢᠭᠦᠯᠦᠭᠰᠡᠭᠡᠷ ᠢᠷᠡᠭᠰᠡᠨ ᠪᠦᠭᠡᠳ ᠨᠡᠯᠢᠶᠡᠳ ᠤᠷᠤᠭᠰᠢ ᠠᠭᠢᠭ᠋ᠤᠯᠤᠭᠰᠠᠨ ᠠᠴᠠ ᠦᠵᠡᠪᠡᠯ᠂ 《ᠦᠭᠡᠷᠡᠴᠢᠯᠡᠯᠲᠡ ᠶᠢᠨ ᠲᠦᠰᠦᠪ》 ᠪᠤᠯ ᠨᠢᠭᠡᠨ ᠪᠠᠢᠯᠳᠤᠬᠤ ᠪᠤᠳᠤᠯᠭ᠎ᠠ ᠶᠢᠨ ᠠᠴᠢ ᠬᠤᠯᠪᠤᠭᠳᠠᠯ ᠲᠠᠢ ᠲᠦᠷᠦ ᠶᠢᠨ ᠪᠤᠳᠤᠯᠭ᠎ᠠ ᠮᠦᠨ᠂ ᠶᠠᠫᠤᠨ ᠤ ᠤᠯᠤᠰ ᠲᠦᠷᠦ᠂ ᠠᠵᠤ ᠠᠬᠤᠢ᠂ ᠭᠠᠳᠠᠭ᠋ᠠᠳᠤ ᠬᠠᠷᠢᠴᠠᠭ᠎ᠠ ᠶᠢᠨ ᠬᠦᠭᠵᠢᠯᠲᠡ ᠶᠢᠨ ᠬᠠᠨᠳᠤᠰᠢ ᠯᠤᠭ᠎ᠠ ᠭᠠᠢᠬᠠᠮ᠎ᠠ ᠨᠢᠭᠡᠲᠦᠭᠰᠡᠨ ᠪᠠᠢᠨ᠎ᠠ᠃ 《ᠦᠭᠡᠷᠡᠴᠢᠯᠡᠯᠲᠡ ᠶᠢᠨ ᠲᠦᠰᠦᠪ》 ᠲᠦ ᠳᠤᠷᠠᠳᠤᠭᠰᠠᠨ ᠬᠤᠯᠪᠤᠭᠳᠠᠯ ᠪᠦᠬᠦᠢ ᠠᠷᠭ᠎ᠠ ᠬᠡᠮᠵᠢᠶ᠎ᠡ ᠨᠢ ᠮᠠᠨ ᠤ ᠤᠯᠤᠰ ᠤᠨ ᠠᠵᠤ ᠠᠬᠤᠢ ᠶᠢᠨ ᠪᠦᠲᠦᠬᠡᠨ ᠪᠠᠢᠭ᠋ᠤᠯᠤᠯᠲᠠ ᠳᠤ ᠬᠢᠨ᠋ᠠᠯᠲᠠ ᠪᠤᠯᠬᠤᠢᠴᠠ ᠦᠨ᠎ᠡ ᠦᠷᠲᠡᠭ ᠲᠡᠢ ᠪᠦᠭᠡᠳ ᠢᠳᠡᠪᠬᠢ ᠦᠢᠯᠡᠳᠦᠯ ᠲᠡᠢ ᠶᠤᠮ᠃ |
原文 |
没有原文
|
出自 |
内蒙古民族大学学报(社会科学)
2001年
第3期
|