摘要 |
ᠽᠠᠶ᠎ᠠ ᠪᠠᠨᠳᠢᠳᠠ ᠯᠤᠪᠰᠠᠩ᠋ᠫᠠᠷᠠᠩᠯᠠᠢ ᠪᠤᠯ ᠮᠣᠩ᠋ᠭᠤᠯᠴᠤᠳ ᠤᠨ ᠳᠤᠲᠤᠷ᠎ᠠ ᠠᠴᠠ ᠬᠠᠮᠤᠭ ᠠᠩ᠋ᠬ᠎ᠠ 《ᠵᠤᠬᠢᠰᠲᠤ ᠠᠶᠠᠯᠭᠤ ᠶᠢᠨ ᠲᠤᠯᠢ》᠋ ᠶᠢ ᠰᠤᠷᠴᠤ ᠰᠤᠳᠤᠯᠤᠭᠰᠠᠨ ᠡᠷᠳᠡᠮ ᠲᠡᠢ ᠬᠦᠮᠦᠨ ᠪᠠᠢ᠌ᠭᠰᠠᠨ ᠪᠢᠯᠡ᠃ ᠲᠡᠭᠦᠨ ᠦ ᠵᠤᠬᠢᠶᠠᠭᠰᠠᠨ 《ᠵᠤᠬᠢᠰᠲᠤ ᠠᠶᠠᠯᠭᠤ ᠶᠢᠨ ᠲᠤᠯᠢ》᠋ ᠶᠢᠨ ᠬᠤᠶᠳᠤᠭᠠᠷ ᠪᠦᠯᠦᠭ ᠦᠨ ᠮᠦᠷᠳᠡᠯᠭᠡ ᠵᠢᠱᠢᠶ᠎ᠡ ᠰᠢᠯᠦᠭ ᠪᠤᠯᠬᠤ 《ᠤᠳᠬ᠎ᠠ ᠶᠢᠨ ᠭᠤᠴᠢᠨ ᠲᠠᠪᠤᠨ ᠴᠢᠮᠡᠭ᠌ ᠦᠨ ᠦᠯᠢᠭᠡᠷ ᠦᠭᠦᠯᠡᠭᠦᠢ ᠡᠰᠡᠷᠤᠠ ᠶᠢᠨ ᠥᠬᠢᠨ ᠢ ᠪᠠᠶᠠᠰᠬᠠᠬᠤ ᠡᠭᠡᠰᠢᠭ᠌ ᠳᠠᠭᠤᠯᠠᠯ ᠣᠷᠤᠰᠢᠪᠠᠢ》ᠬᠡᠮᠡᠭᠴᠢ ᠨᠢ ᠮᠣᠩ᠋ᠭᠤᠯ ᠵᠤᠬᠢᠶᠠᠯ ᠤᠨ ᠣᠨᠣᠯ ᠦᠭᠦᠯᠡᠭᠦᠢ ᠶᠢᠨ ᠴᠢᠬᠤᠯᠠ ᠦᠪ ᠪᠤᠯᠤᠨ᠎ᠠ᠃ ᠭᠡᠪᠡᠴᠦ ᠯᠤᠪᠰᠠᠩ᠋ᠫᠠᠷᠠᠩ᠋ᠯᠠᠢ ᠲᠤᠰ ᠵᠤᠬᠢᠶᠠᠯ ᠳᠠᠭᠠᠨ ᠵᠡᠭᠦᠯᠲᠡ ᠲᠠᠢ᠌ᠯᠪᠤᠷᠢ ᠬᠢᠵᠦ ᠠᠯᠢ ᠰᠢᠯᠦᠭ ᠨᠢ ᠶᠠᠮᠠᠷ ᠴᠢᠮᠭ᠌ ᠪᠤᠯᠬᠤ ᠶᠢ ᠲᠤᠳᠤᠷᠬᠠᠢ᠌ᠯᠠᠭᠰᠠᠨ ᠦᠭᠡᠢ ᠲᠤᠯᠠ ᠬᠤᠵᠢᠮ ᠤᠨ ᠡᠷᠳᠡᠮᠲᠡᠳ ᠦᠨ ᠰᠤᠷᠴᠤ ᠰᠤᠳᠤᠯᠬᠤ ᠳᠤ ᠮᠠᠰᠢ ᠶᠡᠬᠡ ᠬᠦᠴᠢᠷ ᠪᠡᠷᠬᠡ ᠤᠴᠠᠷᠠᠭᠤᠯᠤᠭᠰᠠᠨ ᠪᠠᠢ᠌ᠨ᠎ᠠ᠃ ᠲᠤᠰ ᠦᠭᠦᠯᠡᠯ ᠳᠦ ᠂ ᠵᠤᠬᠢᠶᠠᠭᠴᠢ ᠠᠴᠠ ᠯᠤᠪᠰᠠᠩ᠋ᠫᠠᠷᠠᠩ᠋ᠯᠠᠢ ᠶᠢᠨ ᠡᠨᠡᠬᠦ ᠰᠢᠯᠦᠭ ᠲᠦ ᠨᠠᠷᠢᠨ ᠨᠢᠭ᠌ᠲᠠ ᠠᠵᠢᠭᠯᠠᠯᠲᠠ ᠬᠢᠵᠦ᠂ ᠲᠡᠭᠦᠨ ᠦ ᠰᠢᠯᠦᠭ ᠦᠨ ᠴᠢᠮᠡᠭ ᠦᠳ ᠢ ᠨᠢᠭᠡ ᠨᠢᠭᠡ ᠪᠡᠷ ᠢᠯᠭᠠᠨ ᠳ᠋ᠤᠭᠠᠷᠯᠠᠵᠤ᠂ ᠴᠢᠮᠡᠭ ᠦᠳ ᠦᠨ ᠨᠡᠷ᠎ᠡ ᠶᠢ ᠲᠤᠳᠤᠯᠠᠨ ᠭᠠᠷᠭᠠᠵᠤ ᠲᠠᠢ᠌ᠯᠪᠤᠷᠢᠯᠠᠨ ᠲᠤᠳᠤᠷᠬᠠᠢ᠌ᠯᠠᠭᠰᠠᠨ ᠪᠠᠢ᠌ᠨ᠎ᠠ᠃ |