题名 |
ᠠᠷᠪᠠ ᠶᠢᠰᠦᠳᠦᠭᠡᠷ ᠵᠠᠭᠤᠨ ᠤ ᠦᠶ ᠡ ᠶᠢᠨ ᠮᠣᠩᠭᠤᠯ ᠵᠣᠬᠢᠶᠠᠯᠴᠢᠳ ᠤᠨ ᠲᠢᠭ ᠮᠠᠶᠢᠭ ᠤᠨ ᠰᠣᠳᠣᠯᠣᠯ |
作者 |
ᠴᠠᠩ ᠢᠤᠢ ᠮᠸᠢ |
关键词 |
19ᠳ᠋ᠤᠭᠡᠷ ᠵᠠᠭᠤᠨ; ᠮᠣᠩᠭᠤᠯ ᠵᠣᠬᠢᠶᠠᠯᠴᠢᠳ;ᠲᠢᠭ ᠮᠠᠶᠢᠭ;ᠭᠦᠭᠵᠢᠯ ᠬᠤᠪᠢᠷᠠᠯ |
摘要 |
ᠮᠣᠩᠭᠤᠯ ᠵᠣᠬᠢᠶᠠᠯ ᠤᠨ ᠲᠢᠭ ᠮᠠᠶᠢᠭ ᠤᠨ ᠰᠣᠳᠣᠯᠣᠯ ᠨᠢ ᠡᠷᠲᠡ᠂ ᠤᠢᠷ ᠡ ᠣᠷᠴᠢᠨ ᠦᠶ ᠡ ᠶᠢᠨ ᠭᠦᠭᠵᠢᠯ ᠤᠨ ᠤᠯᠠ ᠮᠦᠷ ᠢ ᠲᠡᠮᠵᠢᠨ ᠰᠢᠨ ᠡ ᠡᠷᠢᠨ ᠳ᠋ᠤ ᠬᠦᠷᠴᠦ ᠢᠷᠡᠵᠡᠢ᠃ ᠲᠤᠰ ᠦᠭᠦᠯᠡᠯ ᠳ᠋ᠤ 19 ᠳ᠋ᠤᠭᠡᠷ ᠵᠠᠭᠤᠨ ᠤ ᠦᠶ᠎ᠡ ᠶᠢᠨ ᠮᠣᠩᠭᠤᠯ ᠡᠷᠳᠡᠮᠲᠡᠳ ᠤᠨ ᠵᠣᠬᠢᠶᠠᠨ ᠪᠦᠲᠦᠭᠡᠯ ᠪᠠᠶᠤ ᠲᠤᠰᠬᠠᠢ ᠦᠭᠦᠯᠡᠯᠲᠡ ᠶᠠᠷᠢᠶ ᠡ ᠵᠢ ᠡᠮᠬᠢᠯᠡᠨ ᠴᠣᠭᠯᠠᠭᠤᠯᠵᠤ᠂ ᠵᠣᠬᠢᠶᠠᠯ ᠤᠨ ᠲᠢᠭ ᠮᠠᠶᠢᠭ ᠤᠨ ᠲᠣᠬᠠᠢ ᠤᠢᠯᠠᠭᠠᠯᠲᠠ᠂ ᠦᠵᠡᠯᠲᠡ ᠲᠠᠨᠢᠯᠲᠠ ᠵᠢ ᠬᠤᠷᠢᠶᠠᠩᠭᠤᠢᠯᠠᠨ ᠰᠢᠨᠵᠢᠯᠡᠵᠡᠢ᠃ ᠲᠡᠭᠡᠭᠡᠳ ᠲᠤᠬᠠᠢ ᠶᠢᠨ ᠡᠷᠳᠡᠮᠲᠡᠳ᠂ ᠦᠩᠭᠡᠷᠡᠭᠰᠡᠨ ᠤ ᠡᠨᠡᠳᠭᠡᠭ ᠲᠦᠪᠡᠳ ᠤᠨ ᠬᠡᠯᠪᠡᠷᠢᠴᠢ ᠦᠵᠡᠯ ᠤᠨ ᠪᠠᠷᠢᠯᠳᠠᠯᠠᠯ ᠢ ᠦᠨᠳᠦᠰᠦᠨ ᠳ᠋ᠡᠭᠡᠨ ᠲᠠᠶᠠᠭᠳᠠᠵᠤ᠂ ᠤᠳᠬ ᠠ ᠵᠣᠬᠢᠶᠠᠯ ᠤᠨ ᠤᠨᠤᠯ ᠰᠣᠳᠣᠯᠣᠯ ᠪᠠ ᠵᠣᠬᠢᠶᠠᠨ ᠪᠦᠲᠦᠭᠡᠬᠦ ᠪᠣᠳᠠᠳᠤ ᠦᠢᠯᠡᠳᠦᠯᠭᠡ ᠲᠤᠮᠳᠠ ᠪᠡᠶᠡᠴᠢ ᠴᠣᠭᠴᠠ ᠵᠢ ᠴᠢᠬᠤᠯᠠᠴᠢᠯᠠᠨ᠂ ᠠᠭᠤᠯᠭ᠎ᠠ ᠬᠡᠯᠪᠡᠷᠢ ᠵᠢ ᠤᠶᠠᠯᠳᠤᠭᠤᠯᠬᠤ ᠪᠣᠯᠤᠭᠰᠠᠨ ᠡᠴᠡ ᠲᠢᠭ ᠮᠠᠶᠢᠭ ᠤᠨ ᠬᠤᠪᠢᠶᠠᠯᠲᠠ ᠤᠯᠠᠮ ᠠᠷᠢᠯᠢᠭᠵᠢᠵᠤ ᠨᠠᠷᠢᠨ ᠲᠤᠲᠳᠷᠬᠠᠢ ᠪᠣᠯᠵᠤ ᠬᠦᠭᠵᠢᠭᠰᠡᠨ ᠤᠯᠪᠠᠭ᠎ᠠ ᠵᠢ ᠦᠨᠡᠯᠡᠨ ᠨᠤᠲᠠᠯᠠᠬᠤ ᠪᠡᠷ ᠴᠢᠷᠮᠠᠢᠵᠠᠢ᠃ |
原文 |
查看原文
|
出自 |
内蒙古师范大学学报
2012年
第2期
|