摘要 |
ᠲᠤᠪᠡᠳ ᠤᠨ ᠪᠣᠷᠬᠠᠨ ᠱᠠᠰᠢᠨ ᠤ ᠮᠣᠩᠭᠤᠯ ᠳ᠋ᠤ ᠲᠡᠯᠭᠡᠷᠡᠭᠰᠡᠨ ᠪᠠ 《ᠰᠣᠶᠣᠯ ᠤᠨ ᠶᠡᠬᠡ ᠬᠤᠪᠢᠰᠭᠠᠯ》ᠵᠡᠷᠭᠡ ᠶᠢᠨ ᠤᠯᠤᠰ ᠲᠦᠷᠦ ᠶᠢᠨ ᠬᠦᠳᠡᠯᠭᠡᠭᠡᠨ ᠤ ᠨᠦᠯᠦᠭ ᠡᠡᠴᠡ ᠪᠣᠯᠵᠤ ᠬᠤᠷᠴᠢᠨ ᠨᠤᠲᠤᠭ ᠤᠨ ᠮᠣᠩᠭᠤᠯ ᠪᠦᠭᠡ ᠨᠠᠷ ᠪᠠᠷᠤᠭ ᠦᠭᠡᠢ ᠪᠣᠯᠬᠤ ᠳ᠋ᠠᠭᠠᠨ ᠲᠦᠭᠦᠭᠰᠡᠨ ᠪᠢᠯᠠ᠃ ᠭᠡᠲᠡᠯ ᠡ ᠬᠤᠷᠴᠢᠨ ᠳ᠋ᠤ ᠣᠷᠴᠢᠮ ᠤᠨ ᠵᠢᠯ ᠳ᠋ᠤ ᠨᠢᠡ ᠪᠦᠯᠦᠭ ᠢᠳᠡᠷᠴᠦᠳ ᠪᠠ ᠵᠠᠯᠠᠭᠤᠴᠤᠳ ᠨᠢ ᠪᠦᠬᠡ ᠪᠣᠯᠬᠤ ᠵᠠᠮ ᠢ ᠰᠤᠩᠭᠤᠭᠰᠠᠨ ᠡᠴᠡ ᠬᠤᠷᠴᠢᠨ ᠨᠤᠲᠤᠭ ᠤᠨ ᠮᠣᠩᠭᠤᠯ ᠰᠠᠮᠨᠢᠰᠮ ᠨᠢ ᠵᠠᠷᠢᠮ ᠲᠠᠯ ᠠ ᠪᠡᠷ ᠰᠡᠷᠭᠦᠭᠡᠯᠲᠡ ᠲᠠᠢ ᠪᠣᠯᠤᠭᠰᠠᠨ ᠪᠠᠢᠨ᠎ᠠ᠃ ᠲᠡᠭᠡᠪᠡᠯ 21 ᠳ᠋ᠤᠭᠡᠷ ᠵᠠᠭᠤᠨ ᠤ ᠦᠨᠦᠳᠦᠷ᠂ ᠶᠠᠭᠠᠬᠢᠭᠠᠳ ᠡᠳᠡᠭᠡᠷ ᠬᠦᠮᠦᠰ ᠨᠢ ᠪᠠᠰᠠ ᠪᠦᠭᠡ ᠪᠣᠯᠬᠤ ᠵᠠᠮ ᠢ ᠰᠤᠩᠭᠤᠵᠦ ᠪᠠᠢᠬᠤ ᠪᠤᠢ? ᠭᠡᠳᠡᠭ ᠠᠰᠠᠭᠤᠳᠠᠯ ᠢᠪᠠᠢᠴᠠᠭᠠᠨ ᠰᠢᠨᠵᠢᠯᠡᠵᠦ ᠲᠤᠰ ᠦᠭᠦᠯᠡᠯ ᠢ ᠪᠢᠴᠢᠪᠡ᠃ ᠡᠭᠦᠨ ᠳ᠋ᠤ ᠭᠤᠤᠯᠳᠠᠭᠤ ᠲᠤᠤᠷᠠᠬᠢ ᠬᠤᠶᠠᠷ ᠲᠠᠯ ᠠ ᠪᠡᠷ ᠦᠭᠦᠯᠡᠭᠰᠡᠨ ᠪᠠᠢᠨ᠎ᠠ᠃ ᠨᠢᠭᠡ ᠳ᠋ᠤ ᠬᠤᠷᠴᠢᠨ ᠤ ᠨᠡᠢᠭᠡᠮ ᠰᠣᠶᠣᠯ ᠪᠠ ᠰᠠᠮᠠᠨᠢᠰᠮ ᠤᠨ ᠬᠠᠷᠢᠴᠠᠭ᠎ᠠ᠂ ᠬᠤᠶᠠᠷ ᠲᠤ ᠰᠠᠮᠠᠨᠢᠰᠮ ᠲᠤᠰ ᠪᠡᠶ᠎ᠡ ᠶᠢᠨ ᠬᠢᠨᠢ ᠨᠡᠢᠭᠡᠮ ᠲᠠᠢ ᠵᠣᠬᠢᠴᠠᠯᠳᠤᠬᠤ ᠴᠢᠳᠠᠪᠤᠷᠢ ᠪᠣᠯᠤᠨ᠎ᠠ᠃ |