摘要 |
ᠲᠤᠰ ᠦᠭᠦᠯᠡᠯ ᠳ᠋ᠤ ᠵᠠᠩ ᠠᠪᠤᠷᠢ ᠵᠢ ᠭᠤᠤ ᠠ ᠵᠦᠢ ᠶᠢᠨ ᠲᠠᠯ ᠠ ᠡᠴᠡ ᠰᠠᠢᠬᠠᠨ ᠮᠠᠭᠤᠬᠠᠢ ᠭᠡᠵᠦ ᠬᠤᠪᠢᠶᠠᠵᠤ ᠪᠣᠯᠬᠤ ᠮᠦᠷᠲᠡᠭᠡᠨ ᠵᠠᠩ ᠠᠪᠤᠷᠢ ᠵᠢ ᠬᠦᠮᠦᠵᠢᠬᠦᠯᠵᠦ ᠦᠭᠡᠷᠡᠴᠢᠯᠠᠵᠤ᠂ ᠭᠤᠤ ᠠ ᠰᠠᠢᠬᠠᠨᠴᠢᠯᠠᠵᠤ ᠪᠣᠯᠬᠤ; ᠬᠦᠮᠦᠨ ᠤ ᠵᠠᠩ ᠠᠪᠤᠷᠢ ᠨᠢ ᠪᠡᠶ ᠠ ᠰᠡᠳᠬᠢᠴᠡ ᠶᠢᠨ ᠡᠷᠡᠭᠦᠯ ᠴᠢᠬᠢᠷᠠᠭ᠂ ᠣᠷᠴᠢᠨ ᠲᠤᠭᠤᠷᠢᠨ ᠤ ᠬᠦᠮᠦᠰ ᠤᠨ ᠤᠷᠮ ᠠ ᠰᠡᠳᠬᠢᠯᠭᠡ᠂ ᠠᠵᠢᠯ ᠠᠮᠢᠲᠤᠷᠠᠯ ᠵᠡᠷᠭᠡ ᠪᠦᠬᠦᠢ ᠯᠡ ᠨᠡᠢᠭᠡᠮ ᠳ᠋ᠤ ᠲᠤᠩ ᠴᠢᠬᠤᠯᠠ ᠨᠦᠯᠦᠭᠡ ᠦᠵᠡᠭᠦᠯᠳᠠᠭ ᠭᠡᠬᠦ ᠦᠵᠡᠯᠲᠡ ᠪᠠᠨ ᠲᠤᠷᠠᠳᠤᠭᠰᠠᠨ ᠤ ᠬᠠᠮᠲᠤ ᠵᠠᠩ ᠠᠪᠤᠷᠢ ᠨᠢ ᠭᠡᠷ ᠪᠦᠯᠢ ᠶᠢᠨ ᠠᠮᠢᠳᠤᠷᠠᠯ ᠤᠨ ᠴᠢᠬᠤᠯᠠ ᠨᠢᠭᠡ ᠰᠠᠭᠤᠷᠢ; ᠵᠠᠩ ᠠᠪᠤᠷᠢ ᠨᠢ ᠨᠡᠢᠭᠡᠮ ᠤᠨ ᠬᠠᠷᠢᠯᠴᠠᠭᠠᠨ ᠳ᠋ᠤ ᠲᠤᠩ ᠶᠠᠬᠠ ᠦᠢᠯᠡᠳᠦᠯ ᠲᠠᠢ; ᠵᠠᠩ ᠠᠪᠤᠷᠢ ᠨᠢ ᠡᠷᠬᠢᠯᠡᠭᠰᠡᠨ ᠠᠵᠢᠯ ᠤᠨ ᠤᠷᠤᠭᠰᠢᠲᠠᠢ ᠶᠠᠪᠤᠭᠳᠠᠬᠤ ᠳ᠋ᠤ ᠮᠠᠰᠢ ᠶᠡᠬᠡ ᠨᠦᠯᠦᠭᠡ ᠲᠠᠢ ᠭᠡᠳᠡᠭ ᠭᠤᠷᠪᠠᠨ ᠠᠭᠤᠯᠭ᠎ᠠ ᠵᠢ ᠪᠠᠭᠲᠠᠭᠠᠨ ᠦᠭᠦᠯᠡᠵᠡᠢ᠃ |