| 题名 |
ᠣᠢᠷ᠎ᠠ ᠦᠶ᠎ᠡ ᠳᠡᠬᠢ ᠮᠣᠩᠭ᠋ᠤᠯ ᠤᠨ ᠵᠠᠷᠢᠮ ᠰᠡᠭᠡᠭᠡᠷᠡᠭᠰᠡᠨ ᠹᠧᠤᠳᠠᠯ ᠡᠵᠡᠳ ᠦᠨ ᠰᠢᠨᠡᠴᠢᠯᠡᠬᠦ ᠬᠦᠳᠡᠯᠭᠡᠭᠡᠨ ᠬᠢᠭᠡᠳ ᠰᠢᠨᠡᠴᠢᠯᠡᠬᠦ ᠦᠵᠡᠯ ᠰᠠᠨᠠᠭᠠᠨ ᠤ ᠲᠤᠬᠠᠢ |
| 作者 |
ᠬᠡ · ᠠᠯᠲᠠᠬᠠᠭᠤᠯᠠ |
| 关键词 |
ᠣᠢᠷ᠎ᠠ ᠦᠶ᠎ᠡ︔ᠰᠡᠭᠡᠭᠡᠷᠡᠭᠰᠡᠨ ᠹᠧᠤᠳᠠᠯ ᠡᠵᠡᠳ︔ ᠰᠢᠨᠡᠴᠢᠯᠡᠬᠦ ᠬᠦᠳᠡᠯᠭᠡᠭᠡᠨ |
| 摘要 |
ᠭᠦᠩᠰᠡᠩᠨᠤᠷᠪᠤ ᠵᠡᠷᠭᠡ ᠣᠢ᠌ᠷ᠎ᠠ ᠦᠶ᠎ᠡ ᠶᠢᠨ ᠨᠢᠭᠡ ᠪᠦᠯᠦᠭ ᠮᠣᠩᠭ᠋ᠤᠯ ᠤᠨ ᠰᠡᠭᠡᠭᠡᠷᠡᠭᠰᠡᠨ ᠹᠧᠤᠳᠠᠯ ᠡᠵᠡᠳ ᠡᠴᠡ ᠴᠢᠩ ᠤᠯᠤᠰ ᠤᠨ ᠵᠠᠰᠠᠭ ᠤᠨ ᠭᠠᠵᠠᠷ ᠲᠤ 《ᠠᠢ᠌ᠯᠠᠳᠬᠠᠯ》 ᠡᠷᠭᠦᠵᠦ᠂ ᠳᠡᠯᠡᠬᠡᠢ ᠶᠢᠨ ᠬᠦᠷᠦᠩᠭᠡᠲᠡᠨ ᠤᠯᠤᠰ ᠤᠨ ᠰᠢᠨᠡᠴᠢᠯᠡᠯᠲᠡ ᠬᠢᠭ᠍ᠰᠡᠨ ᠠᠷᠭ᠎ᠠ ᠪᠠᠷᠢᠯ ᠢᠶᠠᠷ ᠬᠤᠰᠢᠭᠤᠨ ᠵᠠᠰᠠᠭ ᠢᠶᠠᠨ ᠰᠢᠨᠡᠴᠢᠯᠡᠵᠦ᠂ ᠦᠢᠯᠡᠳᠪᠦᠷᠢ ᠠᠭᠤᠷᠬᠠᠢ᠂ ᠠᠷᠠᠯᠵᠢᠶ᠎ᠠ ᠬᠤᠳᠠᠯᠳᠤᠭ᠎ᠠ᠂ ᠰᠤᠷᠭᠠᠭᠤᠯᠢ ᠲᠠᠩᠬᠢᠮ᠂ ᠰᠤᠨᠢᠨ ᠰᠡᠳᠭᠦᠯ᠂ ᠰᠢᠤᠳᠠᠨ ᠲᠤᠪᠴᠢᠶ᠎ᠠ ᠮᠡᠲᠦ ᠰᠢᠨ᠎ᠡ ᠮᠠᠶᠢᠭ ᠤᠨ ᠠᠵᠤ ᠠᠬᠤᠢ᠌ᠯᠠᠯ ᠢ ᠡᠷᠬᠢᠯᠡᠵᠦ᠂ ᠪᠠᠭᠤᠷᠠᠢ ᠮᠣᠩᠭ᠋ᠤᠯ ᠦᠨᠳᠦᠰᠦᠲᠡᠨ ᠢᠶᠡᠨ ᠲᠡᠩᠬᠡᠷᠡᠭᠦᠯᠵᠦ ᠬᠦᠴᠦᠷᠬᠡᠭ᠍ᠵᠢᠭᠦᠯᠦᠨ ᠮᠠᠨᠳᠤᠭᠤᠯᠬᠤ ᠪᠠᠷ ᠰᠢᠨᠡᠴᠢᠯᠡᠯᠲᠡ ᠶᠢᠨ ᠬᠦᠳᠡᠯᠭᠡᠭᠡᠨ ᠦᠷᠨᠢᠭᠦᠯᠪᠡ᠃ ᠲᠡᠭᠡᠭᠡᠳ ᠦᠪᠡᠷᠰᠡᠳ ᠦᠨ ᠰᠢᠨ᠎ᠡ ᠵᠠᠰᠠᠭ ᠶᠠᠪᠤᠭᠤᠯᠬᠤ᠂ ᠣᠢ᠌ᠷ᠎ᠠ ᠦᠶ᠎ᠡ ᠶᠢᠨ ᠰᠢᠨᠵᠢᠯᠡᠬᠦ ᠤᠬᠠᠭᠠᠨ ᠲᠧᠭᠨᠢᠭ᠌ ᠮᠡᠷᠭᠡᠵᠢᠯ ᠢ ᠰᠤᠷᠲᠠᠯᠴᠢᠯᠠᠬᠤ᠂ ᠠᠵᠤ ᠠᠮᠢᠳᠤᠷᠠᠯ ᠢᠶᠠᠨ ᠰᠠᠢ᠌ᠵᠢᠷᠠᠭᠤᠯᠬᠤ ᠪᠠ ᠪᠢᠴᠢᠭ᠌ ᠴᠡᠷᠢᠭ ᠦᠨ ᠡᠷᠳᠡᠮ ᠢ ᠬᠦᠨᠳᠦᠳᠭᠡᠵᠦ ᠬᠦᠴᠦᠷᠬᠡᠭ᠍ᠵᠢᠨ ᠮᠠᠨᠳᠤᠬᠤ ᠵᠡᠷᠭᠡ ᠰᠢᠨᠡᠴᠢᠯᠡᠯᠲᠡ ᠶᠢᠨ ᠦᠵᠡᠯ ᠰᠠᠨᠠᠭ᠎ᠠ ᠪᠠᠨ ᠪᠦᠷᠢᠨ ᠭᠦᠢ᠌ᠴᠡᠳ ᠢᠯᠡᠷᠡᠭᠦᠯᠵᠡᠢ᠃ |
| 原文 |
没有原文
|
| 出自 |
内蒙古大学学报
1993年
第1期
|