摘要 |
ᠭᠠᠯᠠᠪ ᠡᠭᠦᠰᠦᠯ ᠤᠨ ᠲᠣᠬᠠᠢ ᠰᠢᠳᠢᠳᠦ ᠦᠯᠢᠭᠡᠷ ᠪᠣᠯ ᠠᠯᠢ ᠦᠨᠳᠦᠰᠦᠲᠡᠨ ᠤ ᠰᠢᠳᠢᠳᠦ ᠦᠯᠢᠭᠡᠷ ᠲᠦ ᠴᠦ ᠭᠡᠰᠡᠨ ᠴᠢᠬᠤᠯᠠ ᠨᠢᠭᠡᠨ ᠠᠭᠤᠯᠭ᠎ᠠ ᠪᠣᠯᠵᠤ ᠪᠠᠢᠳᠠᠭ᠃ ᠡᠬᠦᠨ ᠢ ᠪᠠᠰᠠ ᠠᠯᠢᠪᠠ ᠪᠣᠳᠠᠰ ᠤᠨ ᠪᠤᠢ ᠪᠤᠯᠤᠭᠰᠠᠨ ᠰᠢᠳᠢᠳᠦ ᠦᠯᠢᠭᠡᠷ ᠭᠡᠳᠡᠭ᠃ ᠭᠤᠤᠯᠳᠠᠭᠤ ᠪᠣᠷᠠᠨ ᠰᠠᠬᠢᠭᠤᠯᠰᠤᠨ ᠪᠠ ᠬᠦᠮᠦᠨ ᠲᠦᠷᠦᠯᠬᠢᠲᠡᠨ ᠤ ᠲᠡᠭᠡᠳᠦᠰ ᠡᠴᠡ ᠲᠡᠭᠷᠢ ᠭᠠᠵᠠᠷ ᠢ ᠬᠡᠷᠬᠢᠨ ᠲᠤᠭᠲᠠᠭᠠᠵᠤ ᠶᠢᠷᠲᠢᠨᠴᠦ ᠲᠡᠯᠡᠬᠡᠢᠵᠢ ᠪᠦᠲᠦᠭᠡᠭᠰᠡᠨ ᠠᠤᠭ᠎ᠠ ᠦᠢᠯᠡᠰ ᠢ ᠲᠦᠷᠰᠦᠯᠡᠨ ᠲᠤᠭᠠᠴᠠᠭᠰᠠᠨ ᠦᠯᠢᠭᠡᠷ ᠤᠳ ᠪᠣᠯᠬᠤ ᠰᠠᠨ᠃ ᠭᠠᠯᠠᠪᠡᠭᠦᠰᠦᠯ ᠤᠨ ᠲᠣᠬᠠᠢ ᠰᠢᠳᠢᠳᠦ ᠦᠯᠢᠭᠡᠷ ᠪᠣᠯ ᠰᠢᠳᠢᠳᠦ ᠦᠯᠢᠭᠡᠷ ᠤᠨ ᠲᠤᠳᠤᠷ ᠠ ᠪᠠᠨ ᠴᠢᠬᠤᠯ ᠠᠪᠠᠢᠷᠢ ᠰᠠᠭᠤᠷᠢ ᠲᠠᠢ ᠪᠦᠭᠡᠳ ᠣᠨᠴᠤᠭᠤᠢ ᠨᠡᠢᠭᠡᠮ ᠤᠨ ᠠᠴᠢ ᠬᠤᠯᠪᠤᠭᠳᠠᠯ ᠲᠠᠢ ᠪᠠᠢᠳᠠᠭ᠃ ᠡᠷᠲᠡᠨ ᠤ ᠬᠦᠮᠦᠰ ᠤᠨ ᠦᠵᠡᠯ ᠤᠬᠠᠮᠰᠠᠷ᠂ ᠱᠠᠰᠢᠨ ᠰᠢᠲᠦᠯᠭᠡ ᠪᠣᠯᠤᠨ ᠤᠳᠬ ᠠ ᠰᠣᠶᠣᠯ ᠢ ᠰᠣᠳᠤᠯᠬᠤ ᠳ᠋ᠤ ᠲᠤᠲᠠᠭᠳᠠᠵᠤ ᠪᠣᠯᠤᠰᠢ ᠦᠭᠡᠢ ᠮᠠᠲ᠋ᠧᠷᠢᠶᠠᠯ ᠪᠣᠯᠬᠤ ᠰᠠᠨ᠃ |