摘要 |
ᠮᠣᠩᠭᠣᠯ ᠪᠠᠭᠠᠳᠤᠷᠯᠢᠭ ᠲᠤᠤᠯᠢ ᠶᠢᠨ ᠪᠦᠬᠦᠢ᠌ᠯᠡ ᠠᠷᠠᠭ ᠶᠠᠰᠤ᠂ ᠮᠢᠬ ᠡ ᠶᠠᠰᠤ ᠪᠤᠯᠤᠭᠰᠠᠨ ᠤᠷᠴᠢᠨ ᠠᠬᠤᠢ ᠶᠢᠨ ᠵᠢᠷᠤᠭᠯᠠᠯ ᠡᠴᠡ ᠡᠬᠢᠯᠡᠨ ᠪᠠᠭᠠᠳᠤᠷ ᠤᠨ ᠲᠦᠷᠦᠵᠦ ᠮᠡᠨᠳᠦᠯᠡᠬᠦ᠂ ᠬᠦᠴᠦ ᠴᠢᠳᠠᠯ ᠤᠨ ᠪᠦᠷᠢᠯᠳᠦᠯ᠂ ᠲᠠᠢ᠌ᠨ ᠪᠠᠢ᠌ᠯᠳᠤᠭᠠᠨ᠂ ᠤᠷᠤᠭ ᠬᠤᠷᠢᠮ ᠤᠨ ᠦᠢᠯᠡ ᠬᠢᠭᠡᠳ ᠬᠠᠮᠤᠭ ᠡᠴᠤᠰ ᠤᠨ ᠪᠠᠭᠠᠳᠤᠷᠯᠢᠭ ᠲᠡᠭᠦᠰᠭᠡᠯ ᠬᠦᠷᠳᠡᠯᠡᠬᠢ ᠠᠯᠢ ᠨᠢᠭᠡᠨ ᠦᠢᠯᠡ ᠶᠠᠪᠤᠳᠠᠯ ᠡᠴᠡ ᠨᠢ ᠦᠵᠡᠭᠰᠡᠨ ᠴᠤ ᠵᠦᠩᠨᠡᠯ ᠪᠡᠯᠭᠡᠳᠡᠯ ᠤᠨ ᠤᠳᠬ ᠠ ᠠᠭᠤᠯᠬᠤᠨ ᠬᠦᠨ ᠬᠠᠳᠠᠭᠠᠯᠠᠭᠳᠠᠵᠤ ᠪᠠᠢ᠌ᠳᠠᠭ᠃ ᠡᠢ᠌ᠮᠦ ᠡᠴᠡ ᠲᠤᠤᠯᠢ ᠨᠢ ᠵᠦᠪᠭᠡᠨ ᠢᠳᠡᠳᠡᠨ ᠪᠠᠭᠠᠳᠤᠳ ᠤᠨ ᠮᠠᠭᠳᠠᠭᠠᠯ ᠳᠠᠭᠤᠯᠠᠯ ᠲᠡᠳᠦᠢ ᠪᠢᠦᠰᠢ᠂ ᠬᠠᠷᠢᠨ ᠮᠣᠩᠭᠣᠯ ᠦᠨᠳᠦᠰᠦᠲᠡᠨ ᠦ 《ᠪᠡᠯᠭᠡ ᠳᠡᠮᠪᠡᠷᠡᠯ》᠋ ᠢ ᠮᠠᠰᠢ ᠡᠷᠬᠢᠮᠯᠡᠨ ᠦᠵᠡᠳᠡᠭ ᠰᠤᠶᠤᠯ ᠤᠬᠠᠮᠰᠠᠷ ᠵᠡᠷᠭᠡ ᠶᠡᠬᠡ ᠬᠡᠮᠵᠢᠶ ᠡ ᠪᠡᠷ ᠠᠭᠤᠯᠤᠭᠳᠠᠵᠤ ᠪᠠᠢ᠌ᠬᠤ ᠪᠤᠯᠬᠤᠷ ᠪᠡᠯᠭᠡᠳᠡᠯ ᠰᠢᠨᠵᠢᠳᠦ ᠤᠷᠠᠨ ᠵᠤᠬᠢᠶᠠᠯ ᠭᠡᠵᠦ ᠬᠡᠯᠡᠵᠦ ᠪᠤᠯᠤᠨ᠎ᠠ᠃ |