题名 |
ᠮᠣᠩᠭᠤᠯ ᠡᠮ ᠢᠶᠡᠷ ᠰᠢᠷᠠᠭᠯᠠᠭ᠎ᠠ ᠶᠢᠨ ᠴᠢᠨᠠᠷ ᠲᠠᠢ ᠬᠤᠳᠤᠷᠢᠩᠬᠠᠢ ᠭᠡᠳᠡᠰᠦᠨ ᠦ ᠦᠷᠪᠢᠰᠦᠯ ᠢ ᠵᠠᠰᠠᠭᠰᠠᠨ 36 ᠵᠢᠱᠢᠶ ᠡ ᠶᠢᠨ ᠡᠮᠴᠢᠯᠡᠭᠡᠨ ᠦ ᠮᠡᠳᠡᠭᠦᠯᠦᠯᠲᠡ |
作者 |
ᠪᠤᠤ ᠰᠡᠷᠭᠦᠯᠡᠩ; ᠰᠠᠢᠨᠴᠢᠮᠡᠭ᠌ |
关键词 |
ᠣᠯᠤᠭᠠᠢ ᠶᠢᠨ ᠪᠤᠷᠤ ᠡᠪᠡᠳᠴᠢᠨ; ᠮᠣᠩᠭᠤᠯ ᠡᠮ; ᠨᠢᠷᠤᠬ᠎ᠠ ᠵᠠᠰᠠᠯ |
摘要 |
ᠮᠣᠩᠭᠤᠯ ᠡᠮ ᠢᠶᠡᠷ ᠰᠢᠷᠠᠭᠯᠠᠭ᠎ᠠ ᠶᠢᠨ ᠴᠢᠨᠠᠷ ᠲᠠᠢ ᠬᠤᠳᠤᠷᠢᠩᠬᠠᠢ ᠭᠡᠳᠡᠰᠦᠨ ᠦ ᠦᠷᠪᠢᠰᠦᠯ ᠢ ᠵᠠᠰᠠᠬᠤ ᠡᠮᠴᠢᠯᠡᠭᠡᠨ ᠦ ᠠᠴᠢ ᠲᠤᠰᠠ ᠶᠢ ᠦᠨᠡᠯᠡᠯᠲᠡ ᠬᠢᠨ᠎ᠡ᠃ ᠠᠷᠭ᠎ᠠ᠄ ᠨᠡᠢᠲᠡ 72 ᠵᠢᠱᠢᠶ᠎ᠡ ᠡᠪᠡᠳᠴᠢᠲᠡᠨ ᠢ ᠲᠠᠰᠢᠷᠠᠮ ᠢᠶᠠᠷ ᠳᠤᠷᠰᠢᠭᠴᠢ ᠳᠤᠭᠤᠢᠯᠠᠩ ᠪᠠ ᠬᠠᠷᠢᠴᠠᠭᠤᠯᠤᠭᠴᠢ ᠳᠤᠭᠤᠢᠯᠠᠩ ᠬᠤᠪᠢᠶᠠᠵᠤ᠂ ᠲᠤᠰ ᠪᠦᠷᠢ 36 ᠵᠢᠱᠢᠶ᠎ᠡ᠂ ᠳᠤᠷᠰᠢᠭᠴᠢ ᠳᠤᠭᠤᠢᠯᠠᠩ ᠳᠤ ᠮᠣᠩᠭᠤᠯ ᠡᠮ ᠬᠡᠷᠡᠭᠯᠡᠨ ᠵᠠᠰᠠᠭᠰᠠᠨ ᠪᠠ ᠬᠠᠷᠢᠴᠠᠭᠤᠯᠤᠭᠴᠢ ᠳᠤᠭᠤᠢᠯᠠᠩ ᠢ ᠡᠸᠦ᠋ᠷᠦᠫᠡ ᠡᠮ ᠢᠶᠡᠷ ᠵᠠᠰᠠᠭᠰᠠᠨ ᠪᠠᠢᠨ᠎ᠠ᠃ ᠦᠷ᠎ᠡ ᠳ᠋ᠦᠩ᠄ ᠬᠤᠶᠠᠷ ᠳᠤᠭᠤᠢᠯᠠᠩ ᠤᠨ ᠡᠮᠴᠢᠯᠡᠭᠡᠨ ᠦ ᠠᠴᠢ ᠲᠤᠰᠠ ᠨᠢ ᠳᠤᠷᠰᠢᠭᠴᠢ ᠳᠤᠭᠤᠢᠯᠠᠩ ᠤᠨ ᠶᠡᠷᠦᠩᠬᠡᠢ ᠲᠤᠰᠠᠯᠠᠭᠰᠠᠨ ᠨᠤᠷᠮ᠎ᠠ ᠨᠢ 94.44%᠂ ᠬᠠᠷᠢᠴᠠᠭᠤᠯᠤᠭᠴᠢ ᠳᠤᠭᠤᠢᠯᠠᠩ ᠤᠨ ᠶᠡᠷᠦᠩᠬᠡᠢ ᠳᠤᠰᠠᠯᠠᠭᠰᠠᠨ ᠨᠤᠷᠮ᠎ᠠ ᠨᠢ 86.11%᠂ ᠬᠤᠶᠠᠷ ᠳᠤᠭᠤᠢᠯᠠᠩ ᠢ ᠬᠤᠭᠤᠷᠤᠨᠳᠤ ᠨᠢ ᠬᠠᠷᠢᠴᠠᠭᠤᠯᠬᠤ ᠳᠤ ᠢᠯᠡᠷᠬᠡᠢ ᠵᠦᠷᠢᠶ᠎ᠡ ᠲᠡᠢ (P<0.05)᠃ ᠰᠢᠨᠵᠢ ᠢᠯᠡᠷᠡᠯ ᠳᠦ ᠦᠵᠡᠭᠦᠯᠦᠭᠰᠡᠨ ᠡᠮᠴᠢᠯᠡᠭᠡᠨ ᠦ ᠠᠴᠢ ᠲᠤᠰᠠ ᠶᠢ ᠬᠠᠷᠢᠴᠠᠭᠤᠯᠪᠠᠯ᠂ ᠡᠪᠡᠳᠴᠢᠲᠡᠨ ᠦ ᠲᠦᠯᠢᠭᠦᠯᠬᠦ ᠪᠤᠯᠤᠨ ᠬᠡᠪᠡᠯᠢ ᠶᠢᠨ ᠬᠡᠰᠡᠭ ᠲᠦ ᠳᠠᠷᠤᠪᠠᠯ ᠡᠪᠡᠳᠬᠦ ᠰᠢᠨᠵᠢ ᠢᠯᠡᠷᠡᠯ ᠳᠦ ᠦᠵᠡᠭᠦᠯᠬᠦ ᠦᠢᠯᠡᠳᠦᠯ ᠨᠢ ᠲᠤᠷᠰᠢᠭᠴᠢ ᠳᠤᠭᠤᠢᠯᠠᠩ ᠨᠢ ᠬᠠᠷᠢᠴᠠᠭᠤᠯᠤᠭᠴᠢ ᠳᠤᠭᠤᠢᠯᠠᠩ ᠠᠴᠠ ᠢᠯᠡᠳᠲᠡ ᠳᠠᠪᠠᠭᠤᠯᠢᠭ (P<0.05)᠃ ᠪᠤᠰᠤᠳ ᠰᠢᠨᠵᠢ ᠢᠯᠡᠷᠡᠯ ᠨᠢ ᠬᠤᠶᠠᠷ ᠳᠤᠭᠤᠢᠯᠠᠩ ᠤᠨ ᠬᠤᠭᠤᠷᠤᠨᠳᠤ ᠢᠯᠡᠳᠲᠡ ᠵᠦᠷᠢᠶ ᠡ ᠦᠭᠡᠢ (P<0.05)᠃ ᠳ᠋ᠦᠩᠨᠡᠯᠲᠡ᠄ ᠮᠣᠩᠭᠤᠯ ᠡᠮ ᠢᠶᠡᠷ ᠣᠯᠣᠭᠠᠢ ᠶᠢᠨ ᠪᠤᠷᠤ ᠡᠪᠡᠳᠴᠢᠨ ᠢ ᠵᠠᠰᠠᠬᠤ ᠨᠢ ᠡᠳᠡᠭᠡᠷᠡᠯᠲᠡ ᠪᠡᠷ ᠰᠠᠢᠨ᠂ ᠳᠠᠬᠢᠯᠲᠠ ᠶᠢᠨ ᠨᠤᠷᠮ᠎ᠠ ᠳᠤᠤᠷ᠎ᠠ᠂ ᠭᠠᠵᠢᠭᠤ ᠦᠢᠯᠡᠳᠦᠯ ᠪᠠᠭ᠎ᠠ ᠵᠡᠷᠭᠡ ᠳᠠᠪᠠᠭᠤᠯᠢᠭ ᠲᠠᠯ᠎ᠠ ᠲᠠᠢ ᠪᠠᠢᠳᠠᠭ᠃ |
原文 |
没有原文
|
出自 |
内蒙古民族大学学报(蒙医药学)
2015年
第1期
|